ᠮᠤᠩᠭᠤᠯ ᠦᠨᠳᠦᠰᠦᠲᠡᠨ ᠤ ᠤᠯᠠᠮᠵᠢᠯᠠᠯᠲᠤ ᠢᠳᠡᠭᠡᠨ—— ᠴᠠᠭᠠᠨ ᠢᠳᠡᠭᠡᠨ | | ᠪᠢᠴᠢᠬᠠᠨ ᠤᠩᠰᠢᠭᠴᠢᠳ ᠡ᠂ ᠮᠤᠩᠭᠤᠯ ᠦᠨᠳᠦᠰᠦᠲᠡᠨ ᠦᠷᠦᠬᠡᠯ ᠪᠤᠰᠤᠳ ᠦᠨᠳᠦᠰᠦᠲᠡᠨ ᠶᠠᠰᠤᠲᠠᠨ ᠲᠠᠢ | ᠠᠳᠠᠯᠢ ᠪᠠᠷ ᠦᠪᠡᠷ ᠤᠨ ᠠᠮᠢᠳᠤᠷᠠᠯ ᠤᠶᠢᠯᠡᠳᠪᠤᠷᠢᠯᠡᠯ ᠳᠤ ᠪᠠᠨ ᠳᠤᠬᠢᠷᠠᠭᠰᠠᠨ ᠦᠪᠡᠷᠮᠢᠴᠡ ᠤᠨᠴᠠᠯᠢᠭ ᠲᠠᠢ ᠡᠯᠪᠡᠭ | ᠪᠠᠶᠠᠯᠢᠭ ᠢᠳᠡᠭᠡᠨ ᠤᠮᠳᠠᠭᠠᠨ ᠤ ᠰᠤᠶᠤᠯ ᠢ ᠡᠬᠦᠳᠦᠨ ᠪᠦᠲᠦᠬᠡᠭᠰᠡᠨ ᠶᠤᠮ᠃ ᠮᠤᠩᠭᠤᠯᠴᠤᠳ ᠠᠯᠢ ᠡᠷᠲᠡᠨ ᠠᠴᠠ | ᠮᠠᠯ ᠠᠵᠤ ᠠᠬᠤᠢ ᠶᠢ ᠭᠤᠤᠯᠯᠠᠨ ᠡᠷᠬᠢᠯᠡᠵᠤ ᠪᠠᠶᠢᠭᠰᠠᠨ ᠪᠤᠯᠬᠤᠷ ᠮᠠᠯ ᠤᠨ ᠰᠦ᠂ ᠮᠢᠬ᠎ᠠ ᠪᠠᠷ ᠭᠤᠤᠯ ᠢᠳᠡᠭᠡᠨ | ᠪᠤᠯᠭᠠᠵᠤ᠂ ᠬᠡᠬᠡᠷ᠎ᠡ ᠶᠢᠨ ᠨᠤᠭᠤᠭ᠎ᠠ ᠵᠢᠮᠢᠰ᠂ ᠲᠠᠷᠢᠶᠠᠨ ᠤ ᠦᠷ᠎ᠡ ᠪᠠᠷ ᠬᠤᠯᠢᠰᠢᠨ ᠢᠳᠡᠭᠡᠨ ᠪᠤᠯᠭᠠᠭᠰᠠᠭᠠᠷ ᠢᠷᠡᠵᠠᠢ᠃ | ᠳᠡᠬᠡᠬᠦ ᠳᠤ ᠮᠠᠯ ᠤᠨ ᠰᠦ ᠪᠠᠷ ᠬᠢᠭᠰᠡᠨ ᠢᠳᠡᠭᠡᠨ ᠢᠶᠠᠨ ᠴᠠᠭᠠᠨ ᠢᠳᠡᠭᠡᠨ᠂ ᠮᠠᠯ ᠤᠨ ᠮᠢᠬᠠᠨ ᠤ ᠵᠤᠶᠢᠯ ᠢ ᠣᠯᠠᠭᠠᠨ | ᠢᠳᠡᠭᠡᠨ᠂ ᠬᠡᠬᠡᠷ᠎ᠡ ᠶᠢᠨ ᠨᠤᠭᠤᠭ᠎ᠠ ᠵᠢᠮᠢᠰ ᠤᠨ ᠵᠤᠶᠢᠯ ᠢ ᠬᠦᠬᠡ ᠢᠳᠡᠬᠡᠨ᠂ ᠲᠠᠷᠢᠶᠠᠨ ᠤ ᠦᠷ᠎ᠡ ᠪᠠᠷ ᠬᠢᠭᠰᠡᠨ | ᠢᠳᠡᠬᠡᠨ ᠢ ᠪᠤᠷᠤ ᠢᠳᠡᠭᠡᠨ ᠭᠡᠵᠤ ᠨᠡᠷᠡᠯᠡᠳᠡᠭ᠃ ᠳᠤᠤᠷ᠎ᠠ ᠲᠠ ᠨᠠᠷ ᠲᠤ ᠮᠤᠩᠭᠤᠯ ᠦᠨᠳᠦᠰᠦᠲᠡᠨ ᠤ ᠡᠳᠡᠭᠡᠷ | ᠤᠯᠠᠮᠵᠢᠯᠠᠯᠲᠤ ᠢᠳᠡᠭᠡᠨ ᠢ ᠨᠢᠬᠡᠳ ᠨᠢᠬᠡ ᠪᠠᠷ ᠲᠠᠨᠢᠯᠴᠠᠭᠤᠯᠤᠶ᠎ᠠ᠃ | ᠮᠠᠯ ᠤᠨ ᠰᠦ ᠪᠠᠷ ᠬᠢᠭᠰᠡᠨ ᠢᠳᠡᠬᠡᠨ ᠢᠶᠠᠨ ᠴᠠᠭᠠᠨ ᠢᠳᠡᠭᠡᠨ᠂ ᠮᠠᠯ ᠤᠨ ᠮᠢᠬᠠᠨ ᠤ ᠵᠤᠶᠢᠯ ᠢ ᠤᠯᠠᠭᠠᠨ | ᠢᠳᠡᠭᠡᠨ᠂ ᠬᠡᠬᠡᠷ᠎ᠡ ᠶᠢᠨ ᠨᠤᠭᠤᠭ᠎ᠠ ᠵᠢᠮᠢᠰ ᠤᠨ ᠵᠤᠶᠢᠯ ᠢ ᠬᠦᠬᠡ ᠢᠳᠡᠭᠡᠨ᠂ ᠲᠠᠷᠢᠶᠠᠨ ᠤ ᠦᠷ᠎ᠡ ᠪᠠᠷ ᠬᠢᠭᠰᠡᠨ | ᠢᠳᠡᠭᠡᠨ ᠢ ᠪᠤᠷᠤ ᠢᠳᠡᠭᠡᠨ ᠬᠡᠵᠤ ᠨᠡᠷᠡᠯᠡᠳᠡᠭ᠃ ᠳᠤᠤᠷ᠎ᠠ ᠲᠠ ᠨᠠᠷ ᠲᠤ ᠮᠤᠩᠭᠤᠯ ᠦᠨᠳᠦᠰᠦᠲᠡᠨ ᠤ ᠡᠳᠡᠭᠡᠷ | ᠤᠯᠠᠮᠵᠢᠯᠠᠯᠲᠤ ᠢᠳᠡᠭᠡᠨ ᠢ ᠨᠢᠬᠡᠳ ᠨᠢᠬᠡ ᠪᠠᠷ ᠲᠠᠨᠢᠯᠴᠠᠭᠤᠯᠤᠶ᠎ᠠ᠃ | ᠮᠠᠯ ᠤᠨ ᠰᠦ ᠪᠠᠷ ᠬᠢᠭᠰᠡᠨ ᠶᠠᠩᠵᠤ ᠪᠦᠷᠢ ᠶᠢᠨ ᠢᠳᠡᠭᠡᠨ ᠢ ᠬᠠᠮᠲᠤ ᠳᠤ ᠨᠢ ᠴᠠᠭᠠᠨ ᠢᠳᠡᠭᠡᠨ ᠭᠡᠳᠡᠭ᠃ | ᠴᠠᠭᠠᠨ ᠢᠳᠡᠭᠡᠨ ᠳᠤ ᠰᠦ᠂ ᠠᠶᠢᠷᠠᠭ᠂ ᠴᠡᠭᠡ᠂ ᠰᠢᠬᠦᠮᠡᠯ᠂ ᠠᠭᠠᠷᠤᠤᠯ᠂ ᠬᠤᠷᠤᠳ᠂ ᠵᠦᠬᠡᠬᠡᠢ᠂ ᠦᠷᠦᠮ᠎ᠡ᠂ | ᠴᠠᠭᠠᠨ ᠲᠤᠰᠤ᠂ ᠰᠢᠷ᠎ᠠ ᠲᠤᠰᠤ ᠵᠡᠷᠬᠡ ᠤᠯᠠᠨ ᠵᠤᠶᠢᠯ ᠪᠠᠶᠢᠳᠠᠭ᠃ | ᠰᠦ᠄ ᠮᠠᠯ ᠤᠨ ᠬᠦᠬᠦᠨ ᠠᠴᠠ ᠰᠠᠭᠠᠭᠰᠠᠨ ᠴᠠᠭᠠᠨ ᠰᠢᠬᠦᠰᠤ ᠶᠢ ᠰᠦ ᠬᠡᠳᠡᠭ᠃ ᠰᠦ ᠪᠤᠯ ᠪᠤᠢ ᠪᠦᠬᠦᠢ | ᠴᠠᠭᠠᠨ ᠢᠳᠡᠭᠡᠨ ᠢ ᠪᠤᠯᠪᠠᠰᠤᠷᠠᠭᠤᠯᠬᠤ ᠬᠠᠮᠤᠭ ᠤᠨ ᠴᠢᠬᠤᠯᠠ ᠡᠬᠢ ᠮᠠᠲ᠋ᠧᠷᠢᠶᠠᠯ ᠪᠤᠯᠤᠨ᠎ᠠ᠃ ᠠᠳᠡ ᠭᠤᠤᠯᠳᠠᠭᠤ | ᠮᠤᠩᠭᠤᠯᠴᠤᠳ ᠤᠨ ᠠᠮᠢᠳᠤᠷᠠᠯ ᠤᠶᠢᠯᠡᠳᠪᠤᠷᠢᠯᠡᠯ ᠲᠠᠢ ᠨᠢᠭᠲᠠ ᠬᠤᠯᠪᠤᠭ᠎ᠠ ᠲᠠᠢ ᠲᠠᠪᠤᠨ ᠬᠤᠰᠢᠭᠤ ᠮᠠᠯ ᠤᠨ ᠰᠦ | ᠶᠢ ᠬᠡᠯᠡᠵᠤ ᠪᠤᠢ᠃ | ᠤᠭᠤᠷᠠᠭ᠄ ᠰᠠᠶ᠋ᠢᠬᠠᠨ ᠲᠦᠯᠯᠡᠭᠰᠡᠨ ᠡᠬᠡ ᠮᠠᠯ ᠤᠨ ᠠᠩᠬᠠᠨ ᠤ ᠰᠦ ᠶᠢ ᠤᠭᠤᠷᠠᠭ ᠭᠡᠳᠡᠭ᠃ ᠤᠭᠤᠷᠠᠭ ᠲᠤ | ᠰᠢᠮ᠎ᠡ ᠲᠡᠵᠢᠬᠡᠯ ᠡᠯᠪᠡᠭ ᠠᠭᠤᠯᠤᠭᠳᠠᠳᠠᠭ᠃ | ᠵᠦᠬᠡᠬᠡᠢ᠄ ᠰᠦ ᠪᠠᠨ ᠰᠠᠪᠠᠨ ᠳᠤ ᠬᠢᠵᠤ ᠡᠬᠡᠳᠡᠬᠦᠯᠦᠭᠰᠡᠨ ᠤ ᠳᠠᠷᠠᠭ᠎ᠠ ᠳᠡᠭᠡᠷ᠎ᠡ ᠨᠢ ᠰᠠᠭᠤᠭᠰᠠᠨ ᠵᠤᠵᠠᠭᠠᠨ | ᠲᠤᠰᠤᠯᠢᠭ ᠡᠳ᠋ ᠢ ᠵᠦᠬᠡᠬᠡᠢ ᠬᠡᠳᠡᠭ᠃ ᠵᠦᠬᠡᠬᠡᠢ ᠪᠤᠯ ᠰᠦᠨ ᠤ ᠤᠬᠢ᠂ ᠰᠢᠷ᠎ᠠ ᠲᠤᠰᠤᠨ ᠤ ᠡᠬᠢ ᠪᠤᠯᠤᠨ᠎ᠠ᠃ | ᠦᠷᠦᠮ᠎ᠡ᠄ ᠰᠦ ᠪᠠᠨ ᠲᠤᠭᠤᠭᠠᠨ ᠳᠤ ᠬᠢᠵᠤ ᠵᠦᠬᠡᠯᠡᠨ ᠭᠠᠯ ᠢᠶᠠᠷ ᠪᠤᠴᠠᠯᠭᠠᠵᠤ᠂ ᠰᠢᠨᠠᠭ᠎ᠠ ᠪᠠᠷ ᠰᠠᠮᠤᠷᠤᠨ | ᠬᠦᠬᠡᠰᠤ ᠭᠠᠷᠭᠠᠵᠤ᠂ ᠬᠦᠷᠦᠬᠡᠵᠤ ᠲᠠᠯᠪᠢᠭᠰᠠᠨ ᠤ ᠳᠠᠷᠠᠭ᠎ᠠ ᠳᠡᠭᠡᠷ᠎ᠡ ᠨᠢ ᠰᠠᠭᠤᠭᠰᠠᠨ ᠲᠤᠰᠤᠯᠢᠭ ᠬᠦᠷᠦᠰᠤ ᠶᠢ | ᠦᠷᠦᠮ᠎ᠡ ᠬᠡᠳᠡᠭ᠃ | ᠠᠶᠢᠷᠠᠭ ︵ᠲᠠᠷᠠᠭ︶᠄ ᠰᠦ ᠶᠢ ᠰᠠᠪᠠᠨ ᠳᠤ ᠬᠢᠵᠤ ᠢᠰᠬᠡᠨ ᠬᠦᠷᠦᠩᠭᠡᠰᠢᠬᠦᠯᠵᠤ ᠢᠰᠬᠦᠯᠡᠩ ᠬᠦᠴᠢᠯᠢᠭ | ᠪᠤᠯᠭᠠᠭᠰᠠᠨ ᠢᠳᠡᠭᠡᠨ ᠢ ᠠᠶᠢᠷᠠᠭ ︵ᠲᠠᠷᠠᠭ︶ ᠬᠡᠳᠡᠭ᠃ ᠠᠶᠢᠷᠠᠭ ᠪᠤᠯ ᠰᠢᠮ᠎ᠡ ᠲᠡᠵᠢᠬᠡᠯ ᠰᠠᠶᠢᠲᠠᠢ᠂ ᠤᠮᠳᠠᠭᠠᠰᠬᠤ | ᠶᠢ ᠳᠠᠷᠤᠵᠤ᠂ ᠬᠡᠳᠡᠰᠤ ᠬᠤᠳᠤᠭᠤᠲᠤ ᠶᠢ ᠠᠷᠢᠭᠤᠳᠬᠠᠵᠤ᠂ ᠬᠤᠤᠷ ᠢ ᠲᠠᠶᠢᠯᠬᠤ ᠤᠶᠢᠯᠡᠳᠤᠯ ᠲᠠᠢ ᠲᠠᠩᠰᠤᠭ | ᠢᠳᠡᠭᠡᠨ ᠪᠤᠯᠤᠨ᠎ᠠ᠃ | ᠲᠠᠰᠢᠮᠠᠭ᠄ ᠨᠠᠮᠤᠷ ᠤᠨ ᠰᠡᠬᠦᠯ ᠡᠪᠤᠯ ᠤᠨ ᠡᠬᠢᠨ ᠤ ᠦᠳᠭᠡᠨ ᠰᠦ ᠪᠠᠷ ᠬᠢᠭᠰᠡᠨ ᠠᠶᠢᠷᠠᠭ ᠢᠶᠠᠨ ᠠᠷᠠᠰᠤᠨ | ᠲᠤᠯᠤᠮ ᠳᠤ ᠬᠢᠵᠤ ᠲᠡᠬᠦᠵᠢᠯᠡᠬᠡᠳ ᠰᠢᠷ᠎ᠠ ᠤᠰᠤ ᠨᠢ ᠠᠭᠠᠵᠢᠮ ᠢᠶᠠᠷ ᠭᠤᠭᠤᠵᠢᠵᠤ ᠦᠳᠭᠡᠷᠡᠭᠰᠡᠨ ᠠᠶᠢᠷᠠᠭ ᠢ | ᠳᠠᠰᠢᠮᠠᠭ ᠭᠡᠳᠡᠭ᠃ ᠭᠤᠤᠯᠳᠠᠭᠤ ᠤᠷᠳᠤᠰ ᠨᠤᠲᠤᠭ ᠲᠤ ᠪᠠᠶᠢᠳᠠᠭ᠃ | ᠴᠡᠭᠡ᠄ ᠭᠡᠭᠦᠤ ᠶᠢᠨ ᠰᠦ ᠶᠢ ᠰᠠᠪᠠᠨ ᠳᠤ ᠬᠢᠵᠤ ᠢᠰᠭᠡᠭᠰᠡᠨ ᠢᠳᠡᠭᠡᠨ ᠢ ᠴᠡᠭᠡ ᠭᠡᠳᠡᠭ᠃ ᠴᠡᠭᠡ ᠳᠤ ᠡᠯᠪᠡᠭ | ᠪᠠᠶᠠᠯᠢᠭ ᠰᠢᠮ᠎ᠡ ᠲᠡᠵᠢᠬᠡᠯ ᠠᠭᠤᠯᠤᠭᠳᠠᠵᠤ ᠪᠠᠶᠢᠳᠠᠭ ᠢᠶᠠᠷ ᠪᠠᠷᠠᠬᠤ ᠦᠬᠡᠢ ᠪᠠᠰᠠ ᠡᠪᠡᠳᠴᠢᠨ ᠡᠮᠬᠡᠭ ᠢ ᠵᠠᠰᠠᠬᠤ ᠡᠮ | ᠤᠨ ᠤᠶᠢᠯᠡᠳᠤᠯ ᠲᠠᠢ ᠪᠠᠶᠢᠳᠠᠭ᠃ | ᠴᠠᠭ᠎ᠠ᠄ ᠠᠶᠢᠷᠠᠭ ᠢᠶᠠᠨ ᠨᠡᠷᠡᠵᠤ ᠠᠷᠢᠬᠢ ᠭᠠᠷᠭᠠᠭᠰᠠᠨ ᠤ ᠳᠠᠷᠠᠭᠠᠬᠢ ᠰᠢᠩᠭᠡᠨ ᠪᠤᠶᠤ ᠠᠶᠢᠷᠠᠭ ᠢᠶᠠᠨ ᠪᠦᠯᠢᠵᠤ | ᠴᠠᠭᠠᠨ ᠲᠤᠰᠤ ᠶᠢ ᠨᠢ ᠭᠠᠷᠭᠠᠵᠤ ᠠᠪᠤᠭᠰᠠᠨ ᠤ ᠳᠠᠷᠠᠭᠠᠬᠢ ᠰᠢᠩᠭᠡᠨ ᠢ ᠬᠡᠯᠡᠳᠡᠭ᠃ | ᠴᠠᠭᠠᠨ ᠲᠤᠰᠤ᠄ ᠬᠦᠨᠦᠭ ︵ᠪᠤᠲᠤᠩ︶ ᠲᠤ ᠢᠰᠬᠡᠭᠰᠡᠨ ᠠᠶᠢᠷᠠᠭ ᠢᠶᠠᠨ ᠲᠤᠰᠬᠠᠢ ᠪᠦᠯᠢᠬᠦᠷ ᠢᠶᠠᠷ ᠪᠦᠯᠢᠭᠰᠡᠨ | ᠤ ᠳᠠᠷᠠᠭ᠎ᠠ ᠳᠡᠬᠡᠷ᠎ᠡ ᠨᠢ ᠰᠠᠭᠤᠭᠰᠠᠨ ᠲᠤᠰᠤᠯᠢᠭ ᠵᠤᠶᠢᠯ ᠢ ᠴᠠᠭᠠᠨ ᠲᠤᠰᠤ ᠬᠡᠳᠡᠭ᠃ ᠴᠠᠭᠠᠨ ᠲᠤᠰᠤ ᠶᠢ ᠢᠳᠡᠬᠦ | ᠠᠴᠠ ᠭᠠᠳᠠᠨ᠎ᠠ ᠲᠤᠭᠤᠭᠠᠨ ᠳᠤ ᠬᠠᠶᠢᠯᠤᠭᠤᠯᠵᠤ ᠰᠢᠷᠭᠠᠭᠠᠭᠠᠳ ᠰᠢᠷ᠎ᠠ ᠲᠤᠰᠤ ᠭᠠᠷᠭᠠᠳᠠᠭ᠃ | ᠰᠢᠷ᠎ᠠ ᠲᠤᠰᠤ᠄ ᠵᠦᠬᠡᠬᠡᠢ ᠪᠤᠶᠤ ᠴᠠᠭᠠᠨ ᠲᠤᠰᠤ ᠪᠠᠨ ᠬᠠᠶᠢᠯᠤᠭᠤᠯᠵᠤ ᠰᠢᠷᠭᠠᠭᠠᠭᠠᠳ ᠭᠠᠷᠠᠭᠠᠭᠰᠠᠨ | ᠲᠤᠩᠭᠠᠯᠠᠭ ᠰᠢᠷ᠎ᠠ ᠦᠩᠭᠡᠲᠠᠢ ᠲᠤᠰᠤᠯᠢᠭ ᠰᠢᠩᠭᠡᠨ ᠢ ᠰᠢᠷ᠎ᠠ ᠲᠤᠰᠤ ᠬᠡᠳᠡᠭ᠃ | ᠠᠭᠠᠷᠴᠠ᠄ ᠵᠦᠬᠡᠬᠡᠢ ᠶᠢ ᠨᠢ ᠬᠠᠮᠤᠵᠤ ᠠᠪᠤᠭᠠᠳ ᠦᠯᠡᠳᠡᠭᠰᠡᠨ ᠡᠭᠡᠳᠡᠭᠰᠡᠨ ᠰᠦ ᠪᠤᠶᠤ ᠴᠠᠭᠠᠨ ᠲᠤᠰᠤ ᠶᠢ ᠨᠢ | ᠠᠪᠤᠭᠰᠠᠨ ᠴᠠᠭ᠎ᠠ ᠶᠢ ᠲᠤᠭᠤᠭᠠᠨ ᠳᠤ ᠬᠢᠵᠤ ᠴᠢᠨᠠᠭᠠᠳ ᠪᠦᠰ ᠤᠭᠤᠲᠠᠨ ᠳᠤ ᠬᠢᠵᠤ᠂ ᠰᠢᠷ᠎ᠠ ᠤᠰᠤ ᠶᠢ ᠨᠢ | ᠰᠢᠬᠠᠵᠤ ᠭᠠᠷᠭᠠᠭᠰᠠᠨ ᠤ ᠳᠠᠷᠠᠭᠠᠬᠢ ᠠᠭᠰᠢᠭᠤᠨ ᠡᠳ᠋ ᠢ ᠠᠭᠠᠷᠴᠠ ᠭᠡᠳᠡᠭ᠃ | ᠬᠤᠷᠤᠳ᠄ ᠠᠭᠠᠷᠴᠠ ᠪᠠᠨ ᠬᠡᠪ ᠲᠤ ᠬᠢᠵᠤ ᠬᠡᠪᠯᠡᠭᠰᠡᠨ ᠪᠤᠶᠤ ᠭᠠᠷ ᠢᠶᠠᠷ ᠪᠦᠭᠡᠷᠡᠩᠭᠡᠶᠢᠯᠡᠭᠡᠳ ᠬᠠᠲᠠᠭᠠᠭᠰᠠᠨ | ᠡᠳ᠋ ᠢ ᠬᠤᠷᠤᠳ ᠭᠡᠳᠡᠭ᠃ ᠬᠤᠷᠤᠳ ᠬᠡᠳᠡᠭ ᠪᠤᠯ ᠶᠠᠷᠤᠩᠭᠡᠢ ᠳᠠᠭᠤᠳᠠᠯᠭ᠎ᠠ᠂ ᠲᠦᠷᠦᠯ ᠵᠤᠶᠢᠯ ᠮᠠᠰᠢ ᠤᠯᠠᠨ | ᠪᠠᠶᠢᠳᠠᠭ᠃ | ᠰᠢᠬᠦᠮᠡᠯ ︵ᠪᠢᠰᠢᠯᠠᠭ︶᠄ ᠠᠭᠠᠷᠴᠠ ᠪᠠᠨ ᠬᠤᠷᠤᠭᠤᠨ ᠤ ᠰᠠᠯᠠᠭ᠎ᠠ ᠪᠠᠷ ᠢᠶᠠᠨ ᠰᠢᠬᠠᠵᠤ ᠭᠠᠷᠭᠠᠬᠤ ᠪᠤᠶᠤ | ᠲᠤᠰᠬᠠᠢ ᠰᠢᠬᠠᠭᠤᠷ ᠢᠶᠠᠷ ᠰᠢᠬᠠᠵᠤ ᠭᠠᠷᠭᠠᠭᠰᠠᠨ ᠡᠳ᠋ ᠢ ᠰᠢᠬᠦᠮᠡᠯ ︵ᠪᠢᠰᠢᠯᠠᠭ︶ ᠬᠡᠳᠡᠭ᠃ | ᠵᠣᠬᠢᠶᠠᠭᠴᠢ᠄ ᠦᠨᠢᠷᠰᠣᠳᠦ | | | | |