ᠮᠤᠩᠭᠤᠯ ᠦᠨᠳᠦᠰᠦᠲᠡᠨ ᠤ ᠤᠯᠠᠮᠵᠢᠯᠠᠯᠲᠤ ᠢᠳᠡᠭᠡᠨ—— ᠪᠤᠷᠤ ᠢᠳᠡᠭᠡᠨ
ᠨᠡᠶᠢᠲᠡᠯᠡᠭᠰᠡᠨ ᠴᠠᠭ᠄
2019-03-22
         ᠮᠤᠩᠭᠤᠯ ᠦᠨᠳᠦᠰᠦᠲᠡᠨ ᠤ ᠤᠯᠠᠮᠵᠢᠯᠠᠯᠲᠤ ᠢᠳᠡᠭᠡᠨ—— ᠪᠤᠷᠤ ᠢᠳᠡᠭᠡᠨ     ᠮᠠᠨ ᠤ ᠡᠪᠦᠭᠡ ᠳᠡᠭᠡᠳᠤᠰ ᠠᠯᠢ ᠡᠷᠳᠡ ᠠᠴᠠ ᠲᠠᠪᠤᠨ ᠬᠤᠰᠢᠭᠤ ᠮᠠᠯ ᠤᠨ ᠰᠦ ︵ᠴᠠᠭᠠᠨ ᠢᠳᠡᠭᠡᠨ︶᠂ ᠮᠢᠬ᠎ᠠ ︵ᠤᠯᠠᠭᠠᠨ ᠢᠳᠡᠭᠡᠨ︶ ᠪᠠᠷ ᠭᠤᠤᠯ ᠢᠳᠡᠭᠡᠨ ᠪᠤᠯᠭᠠᠵᠤ᠂ ᠬᠡᠬᠡᠷ᠎ᠡ ᠶᠢᠨ ᠨᠤᠭᠤᠭ᠎ᠠ ᠵᠢᠮᠢᠰ ︵ᠬᠦᠬᠡ ᠢᠳᠡᠭᠡᠨ︶᠂ ᠲᠠᠷᠢᠶᠠᠨ ᠤ ᠦᠷ᠎ᠡ ᠪᠠᠷ ᠬᠤᠯᠢᠰᠢᠨ ᠢᠳᠡᠭᠡᠨ ᠢᠶᠠᠨ ᠪᠤᠯᠭᠠᠭᠰᠠᠭᠠᠷ ᠢᠷᠡᠵᠠᠢ᠃ ᠲᠡᠶᠢᠨ ᠬᠦ ᠲᠠᠷᠢᠶᠠᠨ  ᠤ ᠦᠷ᠎ᠡ ᠪᠠᠷ ᠬᠢᠭᠰᠡᠨ ᠵᠤᠶᠢᠯ ᠢ ᠪᠤᠷᠤ ᠢᠳᠡᠭᠡᠨ ᠬᠡᠳᠡᠭ᠃ ᠡᠷᠲᠡ ᠦᠶ᠎ᠡ ᠳᠤ ᠦᠨᠳᠦᠰᠦᠲᠡᠨ ᠨᠦᠭᠦᠳ ᠲᠠᠢ ᠠᠷᠠᠯᠵᠢᠶ᠎ᠠ ᠮᠠᠶᠢᠮᠠᠢ ᠬᠢᠵᠤ᠂ ᠮᠠᠯ ᠤᠨ ᠠᠰᠢᠭ ᠰᠢᠮ᠎ᠡ ᠪᠠᠷ ᠢᠶᠠᠨ ᠠᠮᠢᠳᠤᠷᠠᠯ ᠤᠨ ᠬᠡᠷᠡᠭᠰᠡᠯ ᠰᠤᠯᠢᠵᠤ ᠠᠪᠬᠤ ᠶᠠᠪᠤᠴᠠ ᠳᠤ ᠲᠠᠷᠢᠶᠠᠨ ᠤ ᠦᠷ᠎ᠡ ᠶᠢ ᠪᠤᠯᠪᠠᠰᠤᠷᠠᠭᠤᠯᠤᠭᠰᠠ ᠴᠠᠭᠠᠨ ᠪᠤᠳᠠᠭ᠎ᠠ᠂ ᠴᠠᠭᠠᠨ ᠭᠤᠯᠢᠷ᠂ ᠨᠠᠷᠢᠮᠤ᠂ ᠲᠤᠳᠤᠷᠭ᠎ᠠ ᠵᠡᠷᠭᠡ ᠢᠳᠡᠭᠡᠨ ᠢ ᠲᠠᠨᠢᠵᠤ ᠤᠶᠢᠯᠠᠭᠠᠨ᠂ ᠠᠭᠠᠵᠢᠮ ᠳᠤ ᠪᠠᠨ ᠬᠤᠯᠢᠰᠢᠨ ᠢᠳᠡᠭᠡᠨ ᠪᠤᠯᠭᠠᠵᠠᠢ᠃ ᠬᠤᠵᠢᠮ ᠨᠢ ᠲᠠᠷᠢᠶᠠᠯᠠᠬᠤ ᠰᠤᠶᠤᠯ ᠮᠤᠩᠭᠤᠯ ᠤᠷᠤᠨ ᠳᠤ ᠮᠤᠩᠭᠤᠯ ᠤᠷᠤᠨ ᠳᠤ ᠨᠡᠪᠲᠡᠷᠡᠨ ᠤᠷᠤᠵᠤ ᠢᠷᠡᠬᠦ ᠶᠢ ᠳᠠᠭᠠᠯᠳᠤᠨ ᠵᠠᠷᠢᠮ ᠭᠠᠵᠠᠷ ᠤᠷᠤᠨ ᠤ ᠮᠤᠩᠭᠤᠯᠴᠤᠳ ᠲᠠᠷᠢᠵᠤ ᠪᠤᠶᠢᠵᠢᠭᠤᠯᠬᠤ ᠮᠡᠷᠬᠡᠵᠢᠯ ᠢ ᠴᠤ ᠡᠵᠡᠮᠰᠢᠭᠰᠡᠨ ᠶᠤᠮ    ᠮᠤᠩᠭᠤᠯᠴᠤᠳ ᠤᠨ ᠤᠯᠠᠮᠵᠢᠯᠠᠯᠲᠤ ᠪᠤᠷᠤ ᠢᠳᠡᠭᠡᠨ ᠳᠤ ᠭᠤᠤᠯᠳᠠᠭᠤ ᠮᠤᠩᠭᠤᠯ ᠠᠮᠤ᠂ ᠴᠠᠭᠠᠨ ᠪᠤᠳᠠᠭ᠎ᠠ᠂ ᠬᠠᠭᠤᠷᠤᠭᠰᠠᠨ ᠪᠤᠳᠠᠭ᠎ᠠ᠂ ᠭᠤᠯᠢᠷ ᠢᠳᠡᠭᠡᠨ᠂ ᠨᠠᠷᠢᠮᠤ᠂ ᠲᠤᠳᠤᠷᠭ᠎ᠠ ᠵᠡᠷᠭᠡ ᠪᠠᠶᠢᠳᠠᠭ᠃    ᠮᠤᠩᠭᠤᠯ ᠠᠮᠤ᠄ ᠮᠤᠩᠭᠤᠯ ᠠᠮᠤ ᠪᠤᠯ ᠭᠠᠩ ᠬᠠᠭᠤᠷᠠᠢ ᠳᠤ ᠳᠡᠰᠪᠤᠷᠢᠲᠠᠢ᠂ ᠤᠷᠭᠤᠬᠤ ᠬᠤᠭᠤᠴᠠᠭ᠎ᠠ ᠤᠬᠤᠷ᠂ ᠡᠷᠲᠡ ᠪᠤᠯᠪᠠᠰᠤᠷᠠᠳᠠᠭ ᠲᠠᠷᠢᠮᠠᠯ ᠪᠤᠯᠤᠨ᠎ᠠ᠃ ᠮᠤᠩᠭᠤᠯᠴᠤᠳ ᠬᠠᠮᠤᠭ ᠡᠷᠲᠡ ᠡᠵᠡᠮᠰᠢᠭᠰᠡᠨ ᠲᠠᠷᠢᠮᠠᠯ ᠪᠤᠯᠬᠤ ᠤᠴᠢᠷ  ᠠᠴᠠ ᠮᠤᠩᠭᠤᠯ ᠠᠮᠤ ᠬᠡᠵᠤ ᠨᠡᠷᠡᠯᠡᠵᠠᠢ᠃    ᠴᠠᠭᠠᠨ ᠪᠤᠳᠠᠭ᠎ᠠ᠄ ᠮᠤᠩᠭᠤᠯ ᠠᠮᠤ ᠪᠠᠨ ᠨᠦᠳᠦᠵᠤ ᠴᠠᠶᠢᠯᠭᠠᠭᠰᠠᠨ ᠢ ᠴᠠᠭᠠᠨ ᠪᠤᠳᠠᠭ᠎ᠠ ᠭᠡᠵᠤ ᠬᠡᠯᠡᠳᠡᠭ᠃ ᠴᠠᠭᠠᠨ ᠪᠤᠳᠠᠭ᠎ᠠ ᠶᠢ ᠮᠢᠬᠠᠨ ᠤ ᠱᠦᠯᠤ ᠪᠤᠶᠤ ᠬᠤᠯᠢᠶ᠎ᠠ ᠲᠠᠢ ᠱᠦᠯᠦᠨ ᠳᠤ ᠴᠢᠨᠠᠵᠤ ᠢᠳᠡᠳᠡᠭ᠃    ᠬᠠᠭᠤᠷᠤᠭᠰᠠᠨ ᠪᠤᠳᠠᠭ᠎ᠠ᠄ ᠰᠢᠷᠡᠮᠤᠨ ᠲᠤᠭᠤᠭᠠᠨ ᠳᠤ ᠡᠯᠡᠰᠤ ᠬᠢᠵᠤ ᠬᠠᠯᠠᠭᠠᠭᠭᠰᠠᠨ ᠤ ᠳᠠᠷᠠᠭ᠎ᠠ ᠮᠤᠩᠭᠤᠯ ᠠᠮᠤ ᠪᠠᠨ ᠬᠢᠵᠤ ᠬᠠᠭᠤᠷᠤᠭᠠᠳ᠂ ᠤᠭᠤᠷ ᠲᠤ ᠬᠢᠵᠤ ᠨᠦᠳᠦᠵᠤ ᠴᠠᠶᠢᠯᠭᠠᠭᠰᠠᠨ ᠢ ᠬᠠᠭᠤᠷᠤᠭᠰᠠᠨ ᠪᠤᠳᠠᠭ᠎ᠠ ᠬᠡᠳᠡᠭ ᠃ ᠬᠠᠭᠤᠷᠤᠭᠰᠠᠨ ᠪᠤᠳᠠᠭ᠎ᠠ ᠪᠤᠯ ᠮᠤᠩᠭᠤᠯ ᠬᠦᠮᠦᠨ ᠤ ᠡᠬᠦᠳᠦᠭᠰᠡᠨ ᠦᠬᠡᠷ᠎ᠡ ᠦᠨᠳᠦᠰᠦᠲᠡᠨ ᠳᠤ ᠪᠠᠶᠢᠳᠠᠭ ᠦᠬᠡᠢ ᠬᠠᠭᠤᠷᠠᠢ ᠬᠦᠨᠡᠰᠤᠨ ᠤ ᠨᠢᠬᠡ ᠶᠤᠮ᠃    ᠭᠤᠯᠢᠷ ᠪᠤᠳᠠᠭ᠎ᠠ᠄ ᠴᠠᠭᠠᠨ ᠭᠤᠯᠢᠷ ᠢᠶᠠᠨ ᠤᠰᠤ ᠪᠠᠷ ᠨᠤᠬᠤᠨ ᠨᠠᠶᠢᠷᠠᠭᠤᠯᠵᠤ᠂ ᠠᠯᠠᠭᠠᠳᠠᠵᠤ ᠨᠢᠮᠬᠡᠷᠡᠬᠦᠯᠦᠬᠡᠳ ᠨᠠᠷᠢᠨ ᠬᠡᠷᠴᠢᠬᠦ ᠪᠤᠶᠤ ᠲᠠᠰᠤᠯᠵᠤ᠂ ᠮᠢᠬᠠᠨ ᠱᠦᠯᠤ ᠪᠤᠶᠤ ᠬᠤᠯᠢᠶ᠎ᠠ ᠲᠠᠢ ᠱᠦᠯᠦᠨ ᠳ᠋ᠥ‌‍ᠴᠢᠨᠠᠭᠰᠠᠨ ᠢᠳᠡᠭᠡᠨ ᠢ ᠭᠤᠯᠢᠷ ᠪᠤᠳᠠᠭ᠎ᠠ ᠬᠡᠳᠡᠭ᠃    ᠪᠠᠩᠰᠢ᠄ ᠮᠠᠯ ᠤᠨ ᠮᠢᠬ᠎ᠠ ᠶᠢ ᠵᠢᠵᠢᠭᠯᠡᠨ ᠬᠡᠷᠴᠢᠵᠤ᠂ ᠳᠡᠬᠡᠷ᠎ᠡ ᠨᠢ ᠲᠠᠪᠤᠰᠤ᠂ ᠰᠤᠩᠭᠢᠨ᠎ᠠ ᠬᠡᠵᠤ‌‍ᠰᠠᠶᠢᠬᠠᠨ ᠵᠢᠭᠤᠷᠠᠵᠤ ᠨᠠᠶᠢᠷᠠᠭᠤᠯᠤᠭᠰᠠᠨ ᠤ ᠳᠠᠷᠠᠭ᠎ᠠ᠂ ᠨᠢᠮᠬᠡᠬᠡᠨ ᠠᠯᠠᠭᠠᠳᠠᠭᠰᠠᠨ ᠭᠤᠯᠢᠷ ᠲᠤ ᠪᠤᠭᠤᠭᠠᠳ᠂ ᠬᠠᠭᠠᠰ ᠰᠠᠷᠠᠨ ᠬᠡᠯᠪᠡᠷᠢᠲᠠᠢ ᠪᠤᠯᠭᠠᠨ ᠤᠰᠤᠨ ᠳᠤ ᠴᠢᠨᠠᠵᠤ ᠪᠤᠯᠭᠤᠭᠰᠠᠨ ᠢᠳᠡᠬᠡᠨ ᠢ ᠪᠠᠩᠰᠢ ᠬᠡᠨ᠎ᠡ᠃    ᠪᠤᠤᠰᠠ᠄ ᠮᠠᠯ ᠤᠨ ᠴᠤᠯ ᠮᠢᠬ᠎ᠠ ᠶᠢ ᠵᠢᠵᠢᠭᠯᠡᠨ ᠬᠡᠷᠴᠢᠵᠤ᠂ ᠳᠡᠭᠡᠷ᠎ᠡ ᠨᠢ ᠲᠠᠪᠤᠰᠤ᠂ ᠰᠤᠩᠭᠢᠨ᠎ᠠ ᠬᠢᠵᠤ ᠰᠠᠶᠢᠬᠠᠨ ᠵᠢᠭᠤᠷᠠᠵᠤ ᠨᠠᠶᠢᠷᠠᠭᠤᠯᠤᠭᠰᠠᠨ ᠤ ᠳᠠᠷᠠᠭ᠎ᠠ᠂ ᠨᠢᠮᠬᠡᠬᠡᠨ ᠠᠯᠠᠭᠠᠳᠠᠭᠰᠠᠨ ᠭᠤᠯᠢᠷ ᠲᠤ ᠪᠤᠭᠤᠵᠤ᠂ ᠪᠦᠮᠪᠦᠬᠡᠯᠵᠢᠨ ᠬᠡᠯᠪᠡᠷᠢ ᠪᠠᠷ ᠴᠢᠮᠬᠢᠵᠤ ᠪᠠᠷᠢᠭᠠᠳ ᠵᠢᠩᠨᠡᠵᠤ ᠪᠤᠯᠭᠤᠭᠰᠠᠨ ᠢᠳᠡᠭᠡᠨ ᠢ ᠬᠡᠯᠡᠨ᠎ᠡ᠃    ᠱᠠᠯᠪᠢᠩ᠄ ᠮᠠᠯ ᠤᠨ ᠮᠢᠬ᠎ᠠ ᠪᠠᠨ ᠪᠠᠩᠰᠢ᠂ ᠪᠤᠤᠰᠠ ᠶᠢᠨ ᠢᠳᠡᠭᠡ ᠲᠠᠢ ᠠᠳᠠᠯᠢᠬᠠᠨ ᠬᠡᠷᠴᠢᠵᠤ ᠵᠢᠭᠤᠷᠠᠨ ᠨᠠᠶᠢᠷᠠᠭᠤᠯᠵᠤ᠂ ᠨᠢᠮᠬᠡᠨ ᠲᠤᠭᠤᠢ ᠠᠯᠠᠭᠠᠳᠠᠭᠰᠠᠨ ᠬᠤᠶᠠᠷ ᠬᠡᠰᠡᠭ ᠭᠤᠯᠢᠷ ᠤᠨ ᠳᠤᠮᠳᠠ ᠬᠠᠪᠴᠢᠭᠤᠯᠵᠤ᠂ ᠬᠤᠶᠠᠷ ᠢᠷᠮᠡᠭ ᠢ ᠨᠢ ᠳᠡᠭᠡᠰᠤᠨ ᠡᠷᠴᠢᠮ ᠰᠢᠭ ᠬᠤᠸᠠᠷ ᠭᠠᠷᠭᠠᠨ ᠴᠢᠮᠬᠢᠬᠡᠳ᠂ ᠲᠤᠰᠤᠨ ᠳᠤ ᠪᠤᠴᠠᠯᠭᠠᠵᠤ ᠪᠤᠯᠭᠤᠭᠰᠠᠨ ᠢᠳᠡᠭᠡᠨ ᠢ ᠱᠠᠯᠪᠢᠩ ᠬᠡᠳᠡᠭ᠃ ᠪᠠᠰᠠ ᠨᠢᠮᠬᠡᠨ ᠠᠯᠠᠭᠠᠳᠠᠭᠰᠠᠨ ᠭᠠᠭᠴᠠ‌‍ᠲ᠋ᠤᠭᠤᠢ ᠭᠤᠯᠢᠷ ᠢ ᠳᠤᠮᠳᠠᠭᠤᠷ ᠨᠢ ᠨᠤᠭᠤᠯᠵᠤ᠂ ᠳᠤᠮᠳᠠ ᠨᠢ ᠢᠳᠡᠭᠡ ᠪᠠᠨ ᠬᠢᠵᠤ ᠢᠷᠮᠡᠭ ᠢ ᠨᠢ ᠴᠢᠮᠬᠢᠵᠤ ᠬᠠᠭᠠᠰ ᠰᠠᠷᠠᠨ ᠬᠡᠯᠪᠡᠷᠢᠲᠠᠢ ᠬᠢᠳᠡᠭ᠃    ᠬᠠᠭᠠᠷᠢᠭᠰᠠᠨ ᠪᠤᠭᠤᠷᠰᠤᠭ᠄ ᠨᠤᠬᠤᠭᠰᠠᠨ ᠭᠤᠯᠢᠷ ᠢᠶᠠᠷ ᠤᠯᠠᠨ ᠶᠠᠩᠵᠤ ᠶᠢᠨ ᠬᠡᠯᠪᠡᠷᠢ ᠵᠤᠬᠢᠶᠠᠵᠤ ᠦᠬᠡᠬᠦᠨ ᠲᠤᠰᠤᠨ ᠳᠤ ᠪᠤᠴᠠᠯᠭᠠᠭᠰᠠᠨ ᠢᠳᠡᠭᠡᠨ ᠢ ᠭᠡᠯᠡᠳᠡᠭ᠃ ᠬᠠᠭᠠᠷᠢᠭᠰᠠᠨ ᠪᠤᠭᠤᠷᠰᠤᠭ ᠤᠨ ᠢᠶᠠᠨ ᠬᠡᠯᠪᠡᠷᠢ ᠶᠠᠩᠵᠤ ᠪᠠᠷ  ᠨᠢ ᠲᠤᠭᠤᠢ ᠪᠤᠭᠤᠷᠰᠤᠭ᠂ ᠬᠠᠪᠲᠠᠭᠠᠢ ᠪᠤᠭᠤᠷᠰᠤᠭ᠂ ᠵᠢᠷᠢᠮ ᠪᠤᠭᠤᠷᠰᠤᠭ᠂ ᠭᠤᠵᠤᠭᠤᠷ ᠪᠤᠭᠤᠷᠰᠤᠭ᠂ ᠬᠤᠷᠤᠭᠤ ᠪᠤᠭᠤᠷᠰᠤᠭ ᠬᠡᠵᠤ ᠨᠡᠷᠡᠯᠡᠳᠡᠭ᠃    ᠵᠠᠩᠰᠠ ᠪᠤᠭᠤᠷᠰᠤᠭ᠄ ᠨᠤᠬᠤᠭᠰᠠᠨ ᠭᠤᠯᠢᠷ ᠢᠶᠠᠨ ᠨᠠᠷᠢᠬᠠᠨ ᠠᠯᠠᠭᠠᠳᠠᠨ ᠰᠤᠩᠭᠠᠵᠤ᠂ ᠵᠢᠷᠭᠤᠭᠠᠨ‌ᠢᠮᠠᠬᠤ ᠬᠢᠷᠢ ᠤᠷᠲᠤ ᠪᠠᠷ ᠨᠤᠭᠤᠯᠤᠨ ᠵᠢᠷᠭᠤᠭᠠᠨ ᠰᠢᠲᠤ ᠲᠠᠢ ᠰᠠᠯ ᠮᠡᠲᠤ ᠵᠠᠰᠠᠭᠠᠳ᠂ ᠦᠬᠡᠬᠦᠨ ᠲᠤᠰᠤᠨ ᠳᠤ ᠪᠤᠴᠠᠯᠭᠠᠭᠰᠠᠨ ᠢᠳᠡᠭᠡᠨ ᠢ ᠵᠠᠩᠰᠠ ᠪᠤᠭᠤᠷᠰᠤᠭ ᠬᠡᠨ᠎ᠡ᠃    ᠰᠢᠬᠢᠷ ᠲᠠᠢ ᠪᠤᠭᠤᠷᠰᠤᠭ ︵ᠡᠷᠢᠶᠡᠨ ᠪᠤᠭᠤᠷᠰᠤᠭ︶᠄ ᠤᠰᠤᠨ ᠳᠤ ᠬᠡᠮᠵᠢᠶ᠎ᠡ ᠲᠠᠢ ᠲᠤᠰᠤ ᠬᠢᠵᠤ ᠨᠤᠬᠤᠭᠰᠠᠨ ᠭᠤᠯᠢᠷ ᠢᠶᠠᠨ ᠲᠤᠭᠤᠢ ᠬᠡᠯᠪᠡᠷᠢᠲᠠᠢ ᠠᠯᠠᠭᠠᠳᠠᠵᠤ᠂ ᠳᠤᠲᠤᠷ᠎ᠠ ᠨᠢ ᠰᠢᠬᠢᠷ ᠪᠤᠷᠠᠮ ᠪᠤᠭᠤᠵᠤ᠂ ᠬᠤᠸᠠᠷ ᠤᠭᠠᠯᠵᠠᠲᠠᠢ ᠮᠤᠳᠤᠨ ᠬᠡᠪ ᠲᠤ ᠬᠢᠵᠤ ᠳᠠᠷᠤᠵᠤ ᠬᠡᠪᠰᠢᠬᠦᠯᠦᠬᠡᠳ᠂ ᠬᠠᠭᠤᠷᠠᠢ ᠬᠠᠯᠠᠭᠤᠨ ᠲᠤᠭᠤᠭᠠᠨ ᠳᠤ ᠬᠠᠩᠨᠠᠵᠤ ᠪᠤᠯᠭᠤᠭᠰᠠᠨ ᠪᠤᠭᠤᠷᠰᠤᠭ ᠢ ᠬᠡᠯᠡᠳᠡᠭ᠃                                                   ᠵᠣᠬᠢᠶᠠᠭᠴᠢ᠄ ᠦᠨᠢᠷᠰᠣᠳᠦ          
 
ᠢᠷᠡᠯᠲᠡ᠄ ᠴᠣᠮᠣᠷᠯᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号