ᠮᠠᠯ ᠨᠢᠳᠣᠯᠬᠤ
ᠨᠡᠶᠢᠲᠡᠯᠡᠭᠰᠡᠨ ᠴᠠᠭ᠄
2018-10-23
                                       ᠮᠠᠯ ᠨᠢᠳᠣᠯᠬᠤ       ᠮᠣᠩᠭᠤᠯᠴᠣᠳ᠂ ᠲᠠᠪᠣᠨ ᠬᠤᠰᠢᠭᠤ ᠮᠠᠯ ᠤᠨ ᠮᠢᠬ᠎ᠠ ᠶᠢ ᠢᠳᠡᠰᠢ ᠬᠤᠭᠤᠯᠡᠨ ᠳᠤ ᠪᠠᠨ ᠬᠡᠷᠡᠭᠯᠡᠬᠦ ᠵᠣᠷᠢᠯᠭ᠎ᠠ  ᠪᠠᠷ ᠠᠳᠠᠯᠢ ᠪᠣᠰᠣ ᠣᠯᠡᠷᠢᠯ ᠳᠤ ᠳᠣᠬᠢᠶᠠᠯᠳᠣᠭᠤᠯᠣᠨ ᠮᠠᠯ ᠨᠢᠳᠣᠯᠳᠠᠭ᠃ ᠡᠭᠦᠨ ᠳᠤ᠂ ᠮᠠᠯ ᠤᠨ ᠲᠠᠷᠭᠤ ᠬᠦᠴᠦ ᠶᠢ ᠦᠨᠳᠣᠰᠣᠯᠡᠵᠤ᠂ ᠣᠯᠡᠷᠢᠯ ᠳᠤ ᠳᠣᠬᠢᠷᠠᠭᠤᠯᠬᠤ ᠠᠴᠠ ᠭᠠᠳᠠᠨ᠎ᠠ᠂ ᠠᠯᠡᠵᠤ ᠨᠢᠳᠣᠯᠬᠤ ᠠᠷᠭ᠎ᠠ ᠶᠢᠨ ᠬᠤᠪᠢ ᠳᠤ ᠴᠦ ᠠᠳᠠᠯᠢ ᠦᠬᠡᠢ ᠪᠠᠶᠢᠳᠠᠭ ᠪᠦᠭᠡᠳ ᠠᠯᠡᠵᠤ ᠨᠢᠳᠣᠯᠬᠤ ᠲᠠᠢ ᠬᠤᠯᠪᠣᠭᠳᠠᠭᠰᠡᠨ‌ᠠᠯᠢ ᠣᠯᠡᠨ ᠵᠠᠩ ᠦᠢᠯᠡ ᠨᠢ ᠥᠪᠡᠷᠮᠢᠴᠡ ᠣᠨᠴᠠᠯᠢᠭ ᠲᠠᠢ ᠶᠣᠮ᠃       ᠬᠠᠪᠣᠷ ᠤᠨ ᠣᠯᠠᠷᠢᠯ ᠳᠤ ᠮᠠᠯ ᠤᠨ ᠲᠠᠷᠭᠤ ᠬᠦᠴᠦ ᠠᠨᠡᠢ ᠪᠣᠯᠬᠤᠷ᠂ ᠮᠠᠯ ᠠᠯᠡᠵᠤ ᠢᠳᠡᠳᠡᠭ ᠦᠭᠡᠢ᠃ ᠵᠣᠨ ᠤ ᠣᠯᠠᠷᠢᠯ ᠳᠤ ᠮᠠᠯ ᠰᠦᠷᠦᠭ ᠨᠣᠭᠤᠭᠠᠨ ᠳᠤ ᠴᠠᠳᠣᠭᠠᠳ ᠲᠠᠷᠭᠤ ᠬᠦᠴᠦ ᠰᠠᠭᠤᠬᠤ ᠳᠤ ᠬᠤᠨᠢ ᠠᠯᠡᠵᠤ ᠢᠳᠡᠳᠡᠭ᠃ ᠡᠭᠦᠨ ᠢᠶᠠᠨ ᠱᠦᠯᠦ ᠣᠣᠭᠤᠬᠤ ᠬᠡᠨ᠎ᠡ᠃ ᠵᠤᠨ᠂ ᠨᠠᠮᠣᠷ ᠤᠨ ᠣᠯᠡᠷᠢᠯ ᠳᠤ ᠨᠡᠶᠢᠳᠡ‌‍ᠶᠢᠨ ᠴᠣᠭᠯᠠᠭᠠᠨ ᠨᠠᠭᠠᠳᠣᠮ᠂ ᠬᠤᠷᠢᠮ‌ᠨᠠᠶᠢᠷ ᠲᠤ ᠬᠤᠨᠢ ᠠᠯᠡᠵᠤ᠂ ᠵᠠᠷᠢᠮ ᠳᠤ ᠪᠠᠨ ᠦᠬᠡᠷ ᠠᠯᠡᠬᠤ ᠪᠣᠶᠣ ᠨᠠᠮᠣᠷ ᠴᠠᠭ ᠲᠤ ᠬᠠᠶᠠ ᠨᠢᠭᠡ᠂ ᠬᠤᠶᠠᠷ ᠬᠤᠨᠢ ᠠᠯᠡᠵᠤ  ᠱᠦᠯᠦ ᠣᠣᠭᠤᠬᠤ ᠪᠠ ᠬᠤᠭᠤᠯᠡᠨ‌‍ᠣ‌ᠮᠢᠬ᠎ᠠ ᠪᠡᠨ‌ᠬᠠᠩᠭᠠᠳᠠᠭ᠃       ᠡᠪᠦᠯ ᠤᠨ ᠬᠦᠢᠳᠡᠨ ᠣᠷᠣᠵᠤ᠂  ᠮᠢᠬ᠎ᠠ ᠬᠦᠯᠳᠡᠬᠦ ᠦᠶ᠎ᠡ ᠪᠠᠷ ᠮᠠᠯ ᠤᠨ ᠲᠠᠷᠭᠤ ᠪᠠᠭᠤᠷᠠᠬᠤ ᠠᠴᠠ ᠡᠮᠣᠨ᠎ᠡ ᠂ᠠᠶᠢᠯ ᠪᠦᠷᠢ ᠬᠦᠮᠦᠨ ᠠᠮᠡ ᠶᠢᠨ ᠢᠶᠠᠨ ᠪᠠᠶᠢᠳᠡᠯ ᠢᠶᠠᠨ ᠦᠨᠳᠣᠰᠣᠯᠡᠵᠤ᠂ ᠵᠣᠬᠢᠬᠤ ᠲᠣᠭᠠᠨ‌‍ᠣ ᠬᠤᠨᠢ᠂ᠢᠮᠠᠭ᠎ᠠ᠂ ᠦᠬᠡᠷ ᠠᠯᠡᠵᠤ᠂ ᠡᠪᠣᠯ᠃ ᠬᠠᠪᠣᠷ ᠤᠨ ᠢᠳᠡᠬᠦ ᠮᠢᠬ᠎ᠠ ᠪᠠᠨ ᠨᠦᠬᠡᠴᠢᠯᠡᠨ ᠬᠠᠳᠠᠭᠠᠯᠡᠳᠠᠭ᠃ ᠡᠭᠦᠨ ᠵᠶ᠋ᠠᠨ‌ᠢᠳᠡᠰᠢ ᠢᠳᠡᠬᠦ ᠨᠦᠬᠡᠴᠡ‌‍ᠪᠡᠯᠡᠳᠭᠡᠬᠦ ᠭᠡᠬᠦ ᠮᠡᠳᠦ ᠪᠠᠷ ᠨᠡᠷᠡᠯᠡᠨ᠎ᠡ᠃ ᠡᠪᠣᠯ ‍ᠤᠨ‌ᠢᠳᠡᠰᠢᠨ‌‍ᠳᠥ ᠵᠠᠷᠢᠮ‌ᠭᠠᠵᠡᠷ ᠣᠷᠣᠨ‌‍ᠳᠥ ᠠᠳᠣᠭᠤ ᠂ᠲᠡᠮᠡᠭᠡ ᠠᠯᠡᠬᠤ ᠴᠦ ᠪᠣᠢ᠃       ᠲᠠᠪᠣᠨ ᠬᠤᠰᠢᠭᠤ ᠮᠠᠯ ᠢ ᠠᠯᠡᠬᠤ ᠠᠷᠭ᠎ᠠ ᠠᠳᠡᠯᠢ ᠦᠭᠡᠢ᠃ ᠶᠡᠷᠣᠩᠭᠡᠢ ᠳᠤ ᠪᠠᠨ ᠪᠣᠭ ᠮᠠᠯ‌ᠦᠷᠣᠴᠡᠯᠡᠵᠤ ᠠᠯᠡᠬᠤ ᠪᠠ ᠪᠣᠳᠡ ᠮᠠᠯ ᠢ ᠨᠣᠭᠤᠰᠣᠯᠡᠵᠤ ᠠᠯᠡᠳᠠᠭ᠃        ᠬᠤᠨᠢ᠂ ᠢᠮᠠᠭ᠎ᠠ ᠶᠢ ᠦᠷᠣᠴᠡᠯᠡᠵᠤ ᠠᠯᠡᠬᠤ ᠳᠤ ᠪᠠᠨ ᠬᠤᠨᠢ᠂ ᠢᠮᠠᠭ᠎ᠠ ᠪᠠᠨ ᠳᠡᠭᠡᠭᠰᠢ ᠬᠠᠨᠳᠣᠭᠤᠯᠣᠨ ᠣᠨᠠᠭᠠᠵᠤ᠂ ᠦᠷᠦᠴᠡ ᠶᠢ ᠨᠢ ᠬᠠᠭᠠᠯᠵᠤ᠂ ᠪᠠᠷᠠᠭᠤᠨ ᠭᠠᠷ ᠢᠶᠠᠨ ᠣᠷᠣᠭᠤᠯᠵᠤ ᠭᠤᠣᠯ ᠰᠣᠳᠡᠯ‌ᠢ‌ᠨᠢ ᠳᠠᠰᠣᠯᠳᠠᠭ᠃ ᠦᠷᠦᠴᠡᠯᠡᠵᠤ‌ᠠᠯᠠᠭᠰᠡᠨ‌ᠮᠠᠯ ᠵᠣᠪᠠᠵᠤ ᠰᠢᠨᠠᠯᠠᠬᠤ ᠦᠭᠡᠢ ᠲᠦᠷᠭᠡᠨ ᠦᠬᠦᠳᠡ‍‌ᠣᠴᠢᠷ‌ᠡᠴᠡ‌ᠮᠢᠬ᠎ᠠ ᠨᠢ‌ᠠᠮᠳᠠ‌‍ᠲ᠋ᠡᠢ᠂ ᠱᠦᠯᠦᠰᠢᠬᠦ ᠪᠡᠷ‌‍ᠰᠠᠶᠢᠨ‌‍ᠪᠠᠶᠢᠳᠠᠭ᠃                                                  
 
ᠢᠷᠡᠯᠲᠡ᠄ ᠦᠪᠦᠷ ᠮᠣᠩᠭᠤᠯ ᠤᠨ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号