ᠮᠤᠩᠭᠤᠯ ᠦᠨᠳᠦᠰᠦᠲᠡᠨ ᠤ ᠤᠯᠠᠮᠵᠢᠯᠠᠯᠲᠤ ᠪᠡᠶ᠎ᠡ ᠲᠠᠮᠢᠷ —— ᠰᠤᠷ ᠬᠠᠷᠪᠤᠬᠤ | ᠨᠤᠮᠤ ᠰᠤᠮᠤ ᠨᠢ ᠮᠤᠩᠭᠤᠯᠴᠤᠳ ᠤᠨ ᠠᠵᠤ ᠠᠮᠢᠳᠤᠷᠠᠯ᠂ ᠠᠩ ᠠᠩᠨᠠᠯ᠂ ᠴᠡᠷᠢᠭ ᠳᠠᠶᠢᠨ ᠳᠤ ᠴᠢᠬᠤᠯᠠ | ᠤᠶᠢᠯᠡᠳᠤᠯ ᠦᠵᠡᠬᠦᠯᠵᠤ᠂ ᠠᠶᠢᠯ ᠡᠷᠤᠬᠡ ᠪᠦᠬᠦᠨ ᠳᠤ ᠵᠠᠪᠠᠯ ᠪᠠᠶᠢᠬᠤ ᠶᠤᠰᠤᠲᠠᠢ ᠵᠡᠪᠰᠡᠭ ᠪᠤᠯᠤᠭᠰᠠᠭᠠᠷ ᠢᠷᠡᠵᠠᠢ᠃ | ︽ ᠮᠤᠩᠭᠤᠯ ᠤᠨ ᠨᠢᠭᠤᠴᠠ ᠲᠤᠪᠴᠢᠶᠠᠨ︾ ᠳᠤ ᠬᠢ ︽ᠠᠯᠤᠩᠭᠤᠸ᠎ᠠ ᠡᠬᠡ ᠲᠠᠪᠤᠨ ᠮᠦᠰᠤ ᠪᠠᠷ ᠬᠡᠤᠬᠡᠳ ᠢᠶᠠᠨ | ᠰᠤᠷᠭᠠᠭᠰᠠᠨ︾ ᠲᠡᠮᠳᠡᠭᠯᠡᠯ ᠠᠴᠠ ᠦᠵᠡᠪᠡᠯ ᠮᠤᠩᠭᠤᠯ ᠬᠦᠮᠦᠨ ᠨᠤᠮᠤ ᠰᠤᠮᠤ ᠶᠢ ᠠᠯᠢ ᠡᠷᠲᠡᠨ ᠠᠴᠠ ᠬᠡᠷᠡᠭᠯᠡᠵᠤ | ᠪᠠᠶᠢᠵᠠᠢ᠃ | ᠮᠤᠷᠢ ᠤᠨᠤᠬᠤ᠂ ᠪᠦᠬᠡ ᠪᠠᠷᠢᠯᠳᠤᠬᠤ᠂ ᠰᠤᠷ ᠬᠠᠷᠪᠤᠬᠤ ᠪᠤᠯ ᠮᠤᠩᠭᠤᠯ ᠬᠦᠮᠦᠨ᠂ ᠢᠯᠠᠩᠭᠤᠶ᠎ᠠ ᠮᠤᠩᠭᠤᠯ | ᠡᠷᠡᠴᠣᠳ ᠤᠨ ᠬᠠᠷᠠᠬᠠᠨ ᠪᠠᠭ᠎ᠠ ᠠᠴᠠ ᠪᠠᠨ ᠡᠷᠬᠡᠪᠰᠢ ᠰᠤᠷᠴᠤ ᠴᠠᠭᠠᠷᠠᠬᠤ ᠴᠢᠬᠤᠯᠲᠠᠢ ᠡᠷᠳᠡᠮᠪᠤᠯᠪᠠᠰᠤᠷᠠᠯ ᠪᠤᠯᠬᠤ | ᠪᠠᠷ ᠪᠠᠷᠠᠬᠤ ᠦᠬᠡᠢ ᠪᠡᠶ᠎ᠡ ᠮᠠᠬᠠᠪᠤᠳ ᠢᠶᠠᠨ ᠪᠤᠯᠪᠠᠰᠤᠷᠠᠭᠤᠯᠵᠤ ᠴᠢᠬᠢᠷᠠᠭᠵᠢᠭᠤᠯᠬᠤᠲ᠋ᠠᠮᠢᠷ ᠤᠨ ᠪᠤᠯᠪᠠᠰᠤᠷᠠᠯ ᠪᠤᠯᠬᠤ | ᠶᠤᠮ᠃ ᠰᠤᠷ ᠬᠠᠷᠪᠤᠯᠲᠠ ᠶᠢᠨ ᠳᠤᠬᠠᠢ ᠲᠡᠤᠬᠡ ᠰᠤᠳᠤᠷ ᠲᠤ ᠲᠡᠮᠳᠡᠭᠯᠡᠭᠰᠡᠨ ᠢᠶᠠᠷ᠂ ᠮᠤᠩᠭᠤᠯᠴᠤᠳ ᠤᠪᠤᠭᠠᠨ | ᠳᠠᠬᠢᠯᠭ᠎ᠠ᠂ ᠠᠭᠤᠯᠠ ᠤᠰᠤᠨ ᠤ ᠳᠠᠬᠢᠯᠭ᠎ᠠ᠂ ᠠᠳᠤᠭᠤᠲ᠋ᠡᠯᠯᠡᠬᠦ᠂ ᠠᠳᠤᠭᠤ ᠲᠠᠮᠠᠭᠠᠯᠠᠬᠤ᠂ ᠲᠠᠶᠢᠨ ᠤ ᠢᠯᠠᠯᠲᠠ ᠪᠠᠨ | ᠪᠡᠯᠭᠡᠯᠡᠬᠦ ᠵᠡᠷᠬᠡ ᠨᠠᠶᠢᠷ ᠨᠠᠭᠠᠳᠤᠮ ᠳᠡᠭᠡᠷ᠎ᠡ ᠡᠷ᠎ᠡ ᠶᠢᠨ ᠭᠤᠷᠪᠠᠨ ᠨᠠᠭᠠᠳᠤᠮ ᠢ ᠶᠠᠪᠤᠭᠳᠠᠭᠤᠯᠳᠠᠭ ᠪᠠᠶᠢᠵᠠᠢ᠃ 1225 | ᠤᠨ ᠳᠤ ᠤᠶᠢᠭᠤᠷᠵᠢᠨ ᠮᠤᠩᠭᠤᠯ ᠦᠰᠦᠭ ᠢᠶᠠᠷ ᠰᠠᠶᠢᠯᠦᠭᠰᠡᠨ ᠴᠢᠯᠠᠭᠤᠨ ᠬᠦᠰᠢᠶ᠎ᠡ ᠳᠡᠭᠡᠷᠡᠬᠢ ︽ᠴᠢᠩᠭᠢᠰ ᠤᠨ | ᠪᠢᠴᠢᠭ︾ ᠲᠤ᠂ ᠴᠢᠩᠭᠢᠰ ᠬᠠᠭᠠᠨ ᠰᠠᠷᠳᠠᠭᠤᠯ ᠢᠷᠬᠡᠨ ᠢ ᠪᠠᠶᠢᠯᠳᠤᠨ ᠳᠠᠭᠠᠭᠤᠯᠤᠭᠰᠠᠨ ᠢᠯᠠᠯᠲᠠ ᠪᠠᠨ ᠪᠡᠯᠭᠡᠯᠡᠬᠦ | ᠶᠡᠭᠡ ᠨᠠᠶᠢᠷ ᠳᠡᠭᠡᠷ᠎ᠡ ᠬᠠᠰᠠᠷ ᠤᠨ ᠬᠦᠪᠡᠬᠦᠨ ᠶᠢᠰᠦᠩᠭᠡ 335 ᠠᠯᠴᠢᠮ ᠤᠨ ᠬᠤᠯᠠ ᠠᠴᠠ ᠫᠠᠢ ᠶᠢᠨ ᠭᠤᠤᠯ | ᠢᠤᠨᠤᠭᠠᠭᠰᠠᠨ ᠭᠠᠶᠢᠬᠠᠮᠰᠢᠭᠲᠤ ᠬᠠᠷᠪᠤᠯᠲᠠ ᠶᠢᠨ ᠮᠡᠷᠭᠡᠵᠢᠯ ᠢ ᠲᠡᠮᠳᠡᠭᠯᠡᠭᠰᠡᠨ ᠪᠠᠶᠢᠳᠠᠭ᠃ ᠡᠬᠦᠨ ᠡᠴᠠᠦᠵᠡᠪᠡᠯ | ᠰᠤᠷ ᠬᠠᠷᠪᠤᠬᠤ ᠨᠢ ᠴᠢᠩᠭᠢᠰ ᠬᠠᠭᠠᠨ ᠤ ᠦᠶ᠎ᠡ ᠳᠤ ᠨᠢᠬᠡᠨᠲᠡ ᠲᠦᠷᠢᠮᠵᠢᠭᠰᠡᠨ ᠤᠷᠤᠯᠳᠤᠭᠠᠨ ᠪᠤᠯᠤᠭᠰᠠᠨ ᠪᠠᠶᠢᠨ᠎ᠠ᠃ | | ᠤᠯᠠᠮᠵᠢᠯᠠᠯᠲᠤ ᠰᠤᠷ ᠬᠠᠷᠪᠤᠬᠤ ᠶᠢ ᠵᠤᠭᠰᠤᠵᠤ ᠬᠠᠷᠪᠤᠬᠤ᠂ ᠳᠠᠪᠬᠢᠭ᠎ᠠ ᠮᠤᠷᠢᠨ ᠳᠡᠭᠡᠷ᠎ᠡ ᠠᠴᠠ ᠬᠠᠷᠪᠤᠬᠤ | ᠬᠡᠵᠤ ᠬᠤᠶᠠᠷ ᠵᠤᠶᠢᠯ ᠬᠤᠪᠢᠶᠠᠨ᠂ ᠬᠠᠷᠪᠤᠬᠤ ᠵᠠᠢ ᠶᠢ ᠶᠡᠷᠤ ᠳᠤ ᠪᠠᠨ 25 ᠠᠯᠳᠠ᠂ 50 ᠠᠯᠳᠠ᠂ 100 ᠠᠯᠳᠠ | ᠵᠡᠷᠬᠡ ᠪᠠᠷ ᠲᠤᠭᠲᠠᠭᠠᠳᠠᠭ᠃ | ᠰᠤᠷ ᠬᠠᠷᠪᠤᠬᠤ ᠳᠤ ᠬᠦᠪᠴᠢ ᠨᠤᠮᠤ᠂ ᠨᠠᠷᠢᠨ ᠬᠤᠯᠤᠰᠤ ᠪᠤᠶᠤ ᠰᠤᠬᠠᠢ ᠪᠠᠷ ᠬᠢᠭᠰᠡᠨ ᠰᠤᠮᠤ᠂ ᠨᠤᠮᠤᠰᠤᠮᠤ | ᠪᠠᠨ ᠰᠠᠪᠠᠯᠠᠳᠠᠭ ᠰᠠᠭᠠᠳᠠᠭ᠂ ᠬᠠᠷᠪᠤᠵᠤ ᠤᠨᠤᠭᠠᠬᠤ ᠬᠠᠷᠠᠯᠲᠠ ᠫᠠᠢ ᠵᠡᠷᠬᠡ ᠡᠳ᠋ᠯᠡᠯ ᠬᠡᠷᠡᠭᠰᠡᠯ ᠪᠠᠶᠢᠳᠠᠭ᠃ | ᠤᠯᠠᠮᠵᠢᠯᠠᠯᠲᠤ ᠨᠤᠮᠤ ᠶᠢᠨ ᠮᠦᠷᠤ ᠶᠢ ᠤᠯᠠᠩᠭᠢ ᠳᠤ ᠪᠠᠨ ᠪᠤᠭᠤ ᠶᠢᠨ ᠡᠪᠡᠷ ᠢᠶᠠᠷ ᠬᠢᠵᠤ᠂ ᠬᠦᠪᠴᠢ ᠶᠢ | ᠠᠮᠢᠳᠠᠨ ᠤ ᠰᠢᠷᠪᠤᠰᠤ ᠪᠠᠷ ᠬᠢᠳᠡᠭ᠃ ᠰᠤᠮᠤ ᠶᠢᠨ ᠡᠰᠢ ᠶᠢ ᠬᠤᠯᠤᠰᠤ ᠪᠤᠶᠤ ᠰᠤᠬᠠᠢ ᠵᠡᠷᠬᠡ ᠬᠠᠲᠠᠭᠤ ᠮᠤᠳᠤ ᠪᠠᠷ | ᠬᠢᠵᠤ᠂ ᠬᠠᠷᠠᠯᠲᠠ ᠫᠠᠢ ᠶᠢ ᠦᠬᠡᠷ ᠤᠨ ᠠᠷᠠᠰᠤ ᠪᠤᠶᠤ ᠢᠰᠡᠬᠡᠢ ᠪᠠᠷ ᠬᠢᠵᠤ᠂ ᠲᠦᠪ ᠢ ᠨᠢᠬᠠᠷᠠ ᠦᠩᠭᠡ ᠪᠠᠷ | ᠪᠤᠳᠤᠳᠠᠭ᠃ ᠫᠠᠢ ᠶᠢᠨ ᠲᠦᠪ ᠢ ᠬᠠᠷ᠎ᠠ ᠪᠠᠷ ᠪᠤᠳᠤᠳᠠᠭ ᠨᠢ ᠬᠠᠷ᠎ᠠ ᠰᠠᠨᠠᠭᠠᠲᠠᠨᠬᠠᠷᠬᠢᠰ ᠬᠦᠴᠦᠨ ᠢ | ᠲᠦᠯᠦᠭᠡᠯᠡᠭᠡᠯᠡᠬᠦᠯᠦᠭᠰᠡᠨ ᠬᠡᠳᠡᠭ᠃ | |