ᠴᠠᠬᠠᠷ ᠮᠤᠩᠭᠤᠯ ᠤᠨ ᠴᠠᠭᠠᠨ ᠰᠠᠷ᠎ᠡ ᠶᠢᠨ ᠶᠤᠰᠤ ᠵᠠᠩ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷ ᠰᠦᠨᠢ ᠪᠠᠷ ᠠᠶᠢᠯ ᠭᠡᠷ ᠪᠦᠭᠦᠳᠡ ᠬᠦᠷᠢᠶᠡᠨ ᠡᠭᠦᠳᠡᠨ | ᠳᠡᠭᠡᠷ᠎ᠡ ᠪᠠᠨ ᠲᠠᠬᠢᠯᠭ᠎ᠠ ᠶᠢᠨ ᠢᠳᠡᠭᠡᠨᠤᠮᠳᠠᠭᠠᠨ ᠤ ᠵᠦᠢᠯ ᠢ ᠳᠠᠪᠠᠭᠯᠠᠭᠠᠳ᠂ ᠬᠦᠵᠢᠰ ᠵᠤᠯᠡ ᠪᠠᠨ ᠠᠰᠠᠭᠠᠵᠦ | ᠪᠦᠭᠦᠳᠡᠭᠡᠷ ᠢᠶᠠᠨ ᠲᠡᠭᠷᠢ ᠳᠤ ᠮᠦᠷᠭᠦᠭᠦ ᠭᠡᠳ ᠳᠤᠷᠤᠨᠡ ᠵᠦᠭ ᠠᠴᠠ ᠦᠷ ᠬᠡᠶᠢᠵᠦ᠂ ᠴᠤᠯᠮᠤᠨ ᠳᠡᠭᠳᠡᠭᠦ ᠲᠠᠢ | ᠵᠡᠷᠭᠡ ᠮᠦᠷᠭᠦᠳᠡᠭ᠃ ᠮᠦᠷᠭᠦᠭᠦ ᠳᠡᠭᠡᠨ ᠪᠦᠰᠲᠡᠶᠢᠴᠤᠳ ᠤᠷᠢᠳᠠᠵᠦ ᠮᠦᠷᠭᠦᠭᠡᠳ ᠳᠠᠷᠠᠭ᠎ᠠ ᠨᠢ ᠰᠠᠶ᠋ᠢ ᠪᠦᠰᠡᠭᠦᠢ | ᠬᠦᠮᠤᠰ ᠮᠦᠷᠭᠦᠨ᠎ᠡ᠃ ︵ᠡᠭᠦᠨ ᠳᠤ ᠪᠡᠶ᠎ᠡ ᠵᠢᠷᠮᠤᠰᠤᠨ ᠪᠡ ᠤᠷᠤᠭᠯᠠᠭᠠᠳᠤᠢ ᠬᠡᠤᠬᠡᠨ ᠬᠦᠮᠤᠨ ᠭᠠᠯ ᠲᠡᠭᠷᠢ ᠳᠤ | ᠮᠦᠷᠭᠦᠳᠡᠭ ᠦᠭᠡᠢ︶ ᠠᠶᠢᠯ ᠪᠦᠷᠢ ᠢᠩᠭᠢᠵᠦ ᠮᠦᠷᠭᠦᠵᠦ ᠪᠠᠷᠠᠭᠠᠳᠨᠢᠬᠡ ᠲᠦᠷᠤᠯ ᠤᠨ ᠬᠡᠳᠤᠨ ᠭᠡᠷ ᠪᠠᠶᠢᠳᠠᠭ ᠪᠤᠯ | ᠠᠯᠢ ᠶᠡᠭᠡ ᠨᠠᠰᠤᠲᠡᠢ ᠠᠬᠠᠮᠠᠳᠪᠤᠯᠤᠭᠰᠡᠳ ᠤᠨ ᠭᠡᠷ ᠤᠨ ᠡᠭᠦᠳᠡᠨ ᠳᠤ ᠪᠦᠭᠦᠳᠡᠭᠡᠷ ᠢᠶᠠᠨ ᠴᠤᠭᠯᠠᠷᠡᠵᠦ᠂ ᠡᠨᠡ | ᠠᠶᠢᠯ ᠤᠨ ᠪᠤᠷᠬᠠᠨ ᠰᠢᠲᠤᠭᠡᠨ ᠳᠤ ᠬᠦᠵᠢ ᠵᠤᠯᠡ ᠪᠠᠷᠢᠵᠦ ᠮᠦᠷᠭᠦᠭᠰᠡᠨ ᠳᠠᠷᠦᠢ ᠳᠤ ᠬᠠᠷᠢᠯᠴᠡᠨ ᠰᠢᠨ᠎ᠡ ᠶᠢᠨ ᠠᠮᠤᠷ | ᠡᠷᠢᠵᠦ᠂ ᠬᠦᠬᠦᠷ ᠬᠠᠳᠠᠭ ᠵᠦᠷᠢᠭᠦᠯᠤᠨ ᠵᠤᠯᠭᠠᠯᠴᠡᠳᠠᠭ᠃ ᠬᠡᠤᠬᠡᠳ ᠪᠠᠭᠠᠴᠤᠳ ᠨᠢ ᠠᠪᠤ ᠡᠵᠢ᠂ ᠶᠡᠬᠡᠰ ᠳᠡᠭᠡᠳᠤᠰ | ᠲᠡᠭᠡᠨᠬᠤᠷᠮᠤᠢ ᠳᠡᠪᠢᠰᠤᠨ ᠰᠦᠭᠦᠳᠤᠨ ᠮᠦᠷᠭᠦᠭᠡᠳ ᠵᠤᠯᠭᠠᠳᠠᠭ᠃ ᠵᠤᠯᠭᠠᠯᠲᠡ ᠪᠠᠷᠠᠭᠰᠠᠨ ᠤ ᠳᠠᠷᠠᠭ᠎ᠠ ᠳᠡᠰ | ᠳᠠᠷᠠᠭᠠᠯᠡᠨ ᠰᠠᠭᠤᠯᠭᠠᠵᠦ᠂ ᠰᠢᠨ᠎ᠡ ᠶᠢᠨ ᠵᠠᠰᠠᠭᠰᠠᠨ ᠲᠠᠪᠠᠭ ᠲᠠᠯᠪᠢᠵᠦ ᠴᠠᠭᠠᠨ ᠢᠳᠡᠭᠡ ᠠᠮᠰᠠᠭᠤᠯᠤᠨᠡ᠃ ᠴᠠᠭᠠᠨ | ᠢᠳᠡᠭᠡ ᠴᠠᠢ ᠠᠮᠠᠰᠠᠭᠰᠠᠨ ᠤ ᠳᠠᠷᠠᠭ᠎ᠠ ᠰᠢᠨ᠎ᠡ ᠶᠢᠨ ᠠᠷᠢᠬᠢ ᠪᠠᠷᠢᠨ᠎ᠠ᠃ ᠰᠢᠨ᠎ᠡ ᠶᠢᠨ ᠠᠷᠢᠬᠢ ᠪᠠᠷᠢᠬᠤ ᠨᠢ ᠶᠡᠷᠤ | ᠴᠠᠭ ᠤᠨᠠᠷᠢᠬᠢ ᠪᠠᠷᠢᠬᠤ ᠲᠠᠢ ᠢᠯᠭᠠᠭ᠎ᠠ ᠲᠠᠢ᠃ ᠭᠡᠷ ᠤᠨ ᠬᠦᠮᠤᠨ ᠠᠴᠠ ᠢᠷᠡᠭᠰᠡᠨ ᠵᠤᠴᠢᠳ ᠤᠨ ᠶᠡᠭᠡ ᠪᠠᠭ᠎ᠠ | ᠢᠯᠭᠠᠯ ᠦᠭᠡᠢ ᠪᠠᠭ᠎ᠠ ᠭᠡᠮ ᠢᠶᠠᠷ ᠶᠡᠬᠡᠴᠤᠤᠯ ᠠᠴᠠ ᠡᠬᠢᠯᠡᠵᠦ ᠪᠠᠭᠠᠴᠤᠤᠯ ᠳᠤ ᠬᠦᠷᠲᠡᠯ᠎ᠡ ᠪᠠᠷᠢᠳᠠᠭ᠃ ᠠᠷᠢᠬᠢ | ᠪᠠᠷᠢᠭᠴᠢ ᠪᠤᠰᠴᠤ ᠵᠤᠭᠰᠤᠭᠠᠳ ᠠᠷᠢᠬᠢ ᠶᠢ ᠭᠠᠷᠳᠡᠵᠦ ᠬᠠᠷᠢᠭᠤ ᠳᠤ ᠨᠢ ᠮᠦᠷᠭᠦᠵᠦ ᠠᠪᠳᠠᠭ᠃ ᠡᠭᠦᠨ ᠤ ᠳᠠᠷᠠᠭ᠎ᠠ | ᠶᠡᠭᠡ ᠬᠡᠮ ᠢᠶᠠᠷ ᠠᠷᠢᠬᠢ ᠬᠡᠮᠨᠡᠭᠡᠳ ᠳᠠᠬᠢᠨ ᠳᠡᠰ ᠳᠠᠷᠠᠭᠠᠯᠡᠨ ᠠᠷᠢᠬᠢ ᠪᠠᠷᠢᠳᠠᠭ᠃ ᠳᠠᠷᠠᠭ᠎ᠠ ᠪᠠᠷ ᠭᠡᠷ ᠤᠨ ᠬᠦᠮᠤᠰ | ᠪᠠᠰᠠ ᠳᠡᠰ ᠳᠠᠷᠠᠭᠠᠯᠡᠨ ᠢᠷᠡᠭᠰᠡᠨ ᠬᠦᠮᠤᠰ ᠲᠤ ᠪᠠᠨ ᠶᠡᠭᠡ ᠬᠡᠮ ᠢ ᠨᠢ ᠳᠤᠮᠳᠡᠷᠡᠭᠤᠯᠤᠨ ᠪᠠᠶᠢᠵᠦ ᠠᠪᠤᠭᠠᠳ ᠠᠷᠢᠬᠢ | ᠨᠡᠮᠡᠵᠦ ᠪᠠᠷᠢᠳᠠᠭ᠃ ᠰᠢᠨ᠎ᠡ ᠶᠢᠨ ᠠᠷᠢᠬᠢ ᠭᠡᠳ ᠵᠠᠪᠡᠯ ᠬᠦᠮᠤᠨ ᠪᠦᠷᠢ ᠳᠤ ᠭᠤᠷᠪᠡᠨ ᠬᠡᠮ ᠪᠠᠶᠡᠷ ᠤᠨ ᠠᠷᠢᠬᠢ ᠪᠠᠨ | ᠪᠠᠷᠢᠵᠦ ᠲᠤᠭ᠎ᠠ ᠶᠤᠰᠤ ᠪᠠᠨ ᠭᠦᠢᠴᠡᠳᠭᠡᠳᠡᠭ᠃ | ᠰᠢᠨ᠎ᠡ ᠶᠢᠨ ᠠᠷᠢᠬᠢ ᠪᠠᠷᠢᠬᠤ ᠲᠠᠢ ᠵᠡᠷᠭᠡ ᠬᠠᠯᠠᠭᠤᠨ ᠲᠤᠭᠤᠭ᠎ᠠ ᠪᠠᠩᠰᠢ ᠪᠤᠤᠽᠢ ᠲᠠᠯᠪᠢᠵᠦ ᠰᠢᠨ᠎ᠡ ᠶᠢᠨ | ᠱᠦᠯᠤ ᠠᠮᠰᠠᠭᠤᠯᠤᠨᠡ᠃ ᠡᠨᠡ ᠮᠡᠲᠤ ᠰᠢᠨᠡᠯᠡᠬᠦ ᠶᠤᠰᠤᠯᠡᠯ ᠢ ᠨᠢᠬᠡ ᠭᠡᠷ ᠠᠴᠠ ᠡᠬᠢᠯᠡᠵᠦ ᠠᠶᠢᠯ ᠬᠤᠲᠡᠨ ᠤ ᠭᠡᠷ | ᠪᠦᠬᠦᠨ ᠳᠤ ᠳᠡᠰᠲ᠋ᠠᠷᠠᠭᠠᠯᠡᠨ ᠤᠷᠤᠵᠦ᠂ ᠪᠤᠷᠬᠠᠨ ᠰᠢᠲᠤᠭᠡᠨ ᠳᠤ ᠨᠢ ᠤᠷᠢᠲᠡᠵᠦ ᠮᠦᠷᠭᠦᠭᠡᠳ᠂ ᠭᠡᠷ ᠤᠨ ᠬᠢᠨᠢ | ᠬᠦᠮᠤᠰ ᠲᠠᠢ ᠰᠢᠨ᠎ᠡ ᠶᠢᠨ ᠵᠤᠯᠭᠠᠯᠲᠡ ᠬᠢᠨ᠎ᠡ᠃ ᠶᠠᠳᠠᠭᠤ ᠵᠦᠳᠡᠭᠦᠦ ᠠᠶᠢᠯ ᠭᠡᠷ ᠨᠢ ᠬᠠᠯᠠᠭᠤᠨ ᠲᠤᠭᠤᠭ᠎ᠠ ᠵᠡᠷᠭᠡ | ᠵᠢᠨᠨᠠᠷᠢᠯᠢᠭ ᠡᠳ᠋ᠯᠡᠯ ᠦᠭᠡᠢ ᠴᠤ ᠭᠡᠰᠡᠨᠠᠳᠠᠭ ᠲᠤ ᠪᠠᠨ ᠪᠠᠩᠰᠢ ᠪᠤᠤᠽᠢ ᠵᠡᠷᠭᠡ ᠶᠢᠨ ᠳᠦᠭᠦᠮ ᠢᠳᠡᠭᠡᠨ ᠢᠶᠠᠨ | ᠲᠠᠯᠪᠢᠵᠦ᠂ ᠠᠷᠢᠬᠢ ᠳᠡᠷᠡᠰᠤᠨ ᠤ ᠵᠦᠢ ᠶᠤᠰᠤ ᠶᠢ ᠠᠯᠳᠠᠭᠤᠯᠤᠯ ᠦᠭᠡᠢ ᠭᠦᠢᠴᠡᠳᠭᠡᠨ᠎ᠡ᠃ ᠬᠤᠲᠡᠤᠰᠤᠨ ᠳᠤ | ᠪᠠᠨᠢᠩᠭᠢᠵᠦ ᠶᠤᠰᠤ ᠭᠦᠢᠴᠡᠳᠭᠡᠭᠰᠡᠨ ᠤ ᠳᠠᠷᠠᠭ᠎ᠠ ᠰᠠᠶ᠋ᠢ ᠭᠡᠷ ᠲᠤ ᠪᠠᠨ ᠬᠠᠷᠢᠵᠦ ᠰᠢᠨ᠎ᠡ ᠵᠢᠯ ᠢᠶᠠᠨ ᠪᠡᠯᠭᠡᠯᠡᠵᠦ | ᠨᠠᠶᠢᠷᠠᠯᠠᠨᠡ᠃ ᠭᠠᠳᠠᠭᠰᠢ ᠶᠠᠪᠤᠵᠦ ᠰᠢᠨ᠎ᠡ ᠶᠢᠨ ᠵᠤᠯᠭᠠᠯᠲᠡ ᠬᠢᠬᠦ ᠶᠢᠨ ᠤᠷᠢᠳ ᠡᠭᠦᠳᠡ ᠭᠠᠷᠬᠤ ᠮᠦᠷ ᠭᠠᠷᠭᠠᠨ᠎ᠠ | ᠭᠡᠳᠡᠭ ᠶᠤᠰᠤ ᠪᠤᠢ᠃ ᠪᠦᠰᠡᠲᠡᠢ ᠬᠦᠮᠤᠰ ᠰᠢᠨ᠎ᠡ ᠶᠢᠨ ᠶᠠᠩᠵᠦ ᠪᠠᠷ ᠵᠠᠰᠠᠵᠦ ᠬᠤᠪᠴᠠᠯᠠᠭᠠᠳ ᠮᠤᠷᠢ ᠡᠮᠡᠭᠡᠯᠯᠡᠵᠦ | ᠮᠤᠷᠳᠠᠭᠠᠳ ᠪᠠᠶᠡᠷ ᠤᠨ ᠵᠦᠭ ᠲᠡᠰᠢ ᠶᠠᠪᠤᠬᠤ ᠳᠤ ᠪᠠᠨ ᠬᠦᠵᠢ ᠠᠰᠠᠭᠠᠭᠠᠳ ᠬᠡᠰᠢᠭ ᠵᠦᠭ ᠠᠴᠠ ᠡᠭᠡᠵᠦ ᠢᠷᠡᠳᠡᠭ᠃ | | ᠡᠮᠡᠭᠲᠡᠶᠢᠴᠤᠳ ᠨᠢ ᠪᠤᠯ ᠵᠡᠭᠦᠳᠡᠯ ᠵᠠᠰᠠᠯ ᠢᠶᠠᠨ ᠪᠦᠷᠢᠨ ᠵᠡᠭᠦᠵᠦ ᠶᠠᠪᠠᠭᠠᠨ ᠢᠶᠠᠷ ᠦᠢᠷ᠎ᠡ ᠵᠠᠭᠤᠷ᠎ᠡ ᠶᠠᠪᠤᠵᠦ | ᠮᠦᠷ ᠢᠶᠠᠨ ᠭᠠᠷᠭᠠᠨ᠎ᠠ᠃ᠭᠠᠳᠠᠭᠰᠢ ᠶᠠᠪᠤᠵᠦ ᠰᠢᠨ᠎ᠡ ᠶᠢᠨ ᠵᠤᠯᠭᠠᠯᠲᠡ ᠬᠢᠬᠦ ᠪᠤᠯ ᠰᠢᠨ᠎ᠡ ᠶᠢᠨ ᠨᠢᠭᠡ ᠬᠤᠶᠡᠷ ᠠᠴᠠ | ᠡᠬᠢᠯᠡᠭᠡᠳᠠᠷᠪᠠᠳ ᠬᠦᠷᠲᠡᠯ᠎ᠡ ᠶᠠᠪᠤᠭᠳᠠᠨ᠎ᠠ᠃ ᠢᠩᠭᠢᠵᠦ ᠵᠤᠯᠭᠠᠯᠲᠡ ᠬᠢᠬᠦ ᠳᠤ ᠪᠠᠨ ᠭᠤᠤᠯ ᠨᠢ ᠠᠬ᠎ᠠ ᠳᠡᠭᠦᠦ | ᠪᠤᠶᠤᠤᠷᠤᠭ ᠲᠦᠷᠤᠯ ᠬᠦᠷᠰᠢ ᠵᠡᠷᠭᠡᠯᠳᠡᠭᠡ ᠠᠶᠢᠯ ᠠᠶᠢᠮᠠᠭ ᠤᠨ ᠲᠠᠨᠢᠯ ᠳᠠᠰᠣᠯ ᠠᠶᠢᠯ ᠤᠳ ᠢᠶᠠᠷ ᠦᠯᠡᠳᠡᠭᠡᠯᠦᠭᠡᠢ | ᠬᠦᠷᠴᠤ ᠰᠢᠨ᠎ᠡ ᠶᠢᠨ ᠮᠡᠨᠳᠤ ᠮᠡᠳᠡᠵᠦ ᠠᠮᠤᠷ ᠡᠷᠢᠵᠦ ᠵᠤᠯᠭᠠᠨ᠎ᠠ᠃ ᠵᠠᠷᠢᠮ ᠨᠢ ᠬᠤᠯᠡ ᠰᠢᠭ᠋ ᠪᠠᠶᠢᠭ᠎ᠠ ᠠᠬ᠎ᠠ ᠳᠡᠭᠦᠦ | ᠰᠠᠳᠤᠨ ᠤ ᠳᠠᠭᠠᠨ ᠣᠴᠢᠵᠦ ᠲᠠᠶᠢᠯᠬᠦ ᠦᠭᠡᠢ ᠳᠤ ᠬᠦᠷᠪᠡᠯ᠂ ᠲᠡᠰᠢ ᠬᠦᠷᠬᠦ ᠬᠦᠮᠤᠨ ᠢᠶᠠᠷ ᠰᠢᠨ᠎ᠡ ᠶᠢᠨ ᠪᠡᠯᠡᠭ | ᠵᠢᠡᠨᠢᠯᠡᠭᠡᠨᠡ᠃ ᠪᠡᠯᠡᠭ ᠤᠨ ᠵᠦᠢᠯ ᠳᠤ ᠠᠬᠠᠰ ᠶᠡᠬᠡᠰ ᠬᠦᠮᠤᠨ ᠳᠤ ᠪᠠᠨ ᠪᠤᠯ ᠬᠠᠳᠠᠭ ᠰᠠᠮᠪᠡᠢ᠂ ᠦᠶ᠎ᠡ ᠬᠤᠷᠠᠭ | ᠤᠨ ᠬᠦᠮᠤᠨ ᠳᠤ ᠪᠠᠨ ᠪᠤᠯ ᠭᠠᠷ ᠪᠡᠯᠡᠭ ᠦᠭᠳᠡᠭ ᠶᠤᠮ᠃ ᠭᠠᠷ ᠪᠡᠯᠡᠭ ᠲᠤ ᠤᠯᠡᠨ ᠵᠦᠢᠯ ᠪᠠᠶᠢᠬᠤ ᠪᠦᠭᠡᠳ ᠡᠭᠦᠨ | ᠢ ᠶᠡᠭᠡ ᠦᠶ᠎ᠡ ᠲᠠᠢ ᠬᠦᠮᠤᠨ ᠳᠤ ᠴᠤ ᠦᠭᠳᠡᠭ ᠶᠤᠰᠤ ᠪᠤᠢ᠃ ᠵᠢᠱᠢᠶᠡᠯᠡᠪᠡᠯ᠂ ᠳᠡᠭᠡᠷ᠎ᠡ ᠦᠶ᠎ᠡ ᠲᠠᠢ ᠬᠦᠮᠤᠨ ᠳᠤ | ᠦᠭᠭᠦ ᠭᠠᠷ ᠪᠡᠯᠡᠭ ᠭᠡᠳ ᠠᠯᠠᠭᠠᠨ ᠴᠢᠨᠡᠭᠡᠨᠲ᠋ᠦ᠋ᠷᠪᠡᠯᠵᠢᠨ ᠴᠠᠭᠠᠰᠤᠨ ᠳᠡᠭᠡᠷ᠎ᠡ ᠲᠠᠯ᠎ᠡ ᠴᠢᠪᠠᠭ᠎ᠠ ᠬᠢᠵᠦ ᠪᠠᠭᠯᠠᠭᠠᠳ | ᠦᠭᠳᠡᠭ ᠨᠢ ᠨᠢᠭᠡ ᠵᠦᠢᠯ᠃ ᠠᠪᠤ ᠡᠵᠢ ᠳᠤ ᠪᠠᠨ ᠭᠡᠳ ᠠᠳᠠᠯᠢ ᠶᠤᠰᠤ ᠪᠠᠷ ᠡᠩᠭᠡᠷ ᠤᠨ ᠰᠢᠯᠪᠢ ᠬᠢᠵᠦ | ᠪᠠᠭᠯᠠᠭᠠᠳ ᠦᠭᠳᠡᠭ ᠨᠢ ᠪᠠᠰᠠ ᠨᠢᠭᠡ ᠵᠦᠢᠯ᠃ ᠳᠡᠭᠡᠷ᠎ᠡ ᠦᠶ᠎ᠡ ᠶᠢᠨ ᠬᠢᠨᠲ᠋ᠤᠤᠷᠡ ᠦᠶ᠎ᠡ ᠳᠤ ᠪᠠᠨ ᠦᠭᠭᠦ ᠭᠠᠷ | ᠪᠡᠯᠡᠭ ᠭᠡᠳ ᠬᠡᠳᠤᠨ ᠦᠩᠭᠡ ᠵᠢᠨᠣᠲᠠᠰᠤ ᠬᠢᠵᠦ ᠪᠠᠭᠯᠠᠭᠠᠳᠦᠭᠳᠡᠭ ᠨᠢ ᠪᠠᠰᠠ ᠨᠢᠭᠡ ᠵᠦᠢᠯ ᠪᠤᠯᠬᠤ ᠶᠤᠮ᠃ | ᠬᠡᠤᠬᠡᠳ ᠪᠠᠭᠠᠴᠤᠳ ᠲᠤ ᠪᠤᠯ ᠪᠤᠤᠪᠤ ᠪᠤᠭᠤᠷᠰᠤᠭ ᠰᠢᠬᠢᠷ ᠵᠢᠮᠢᠰ ᠫᠤᠤᠵᠢᠩ ᠵᠡᠷᠭᠡ ᠪᠠᠶᠢᠳᠠᠭ᠃ ᠵᠤᠯᠭᠠᠯᠲᠡ ᠬᠢᠬᠦ | ᠡᠨᠡᠬᠦ ᠬᠤᠭᠤᠴᠠᠭᠠᠨ ᠳᠤ ᠬᠦᠮᠤᠨ ᠪᠦᠬᠦᠨ ᠪᠠᠶᠡᠷ ᠬᠦᠷ ᠲᠠᠢ ᠮᠦᠷᠲᠡᠭᠡᠨ ᠲᠤᠩ ᠶᠡᠭᠡ ᠶᠠᠭᠠᠷᠠᠯᠲᠡᠢ ᠪᠠᠶᠢᠳᠠᠭ᠃ | ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠪᠤᠯᠪᠠᠯ ᠪᠤᠷᠬᠠᠨ ᠤ ᠲᠠᠬᠢᠯᠭ᠎ᠠ ᠪᠠᠨ ᠲᠢᠭᠯᠡᠬᠦ ᠡᠳᠤᠷ ᠪᠤᠯᠳᠠᠭ ᠲᠤᠯᠡ᠂ | ᠠᠶᠢᠯ ᠡᠷᠤᠬᠡ ᠪᠤᠯᠭᠠᠨ ᠪᠤᠷᠬᠠᠨ ᠳᠤ ᠪᠠᠨ ᠬᠦᠵᠢ ᠵᠤᠯᠡ ᠪᠠᠷᠢᠵᠦ ᠲᠠᠬᠢᠯᠭ᠎ᠠ ᠶᠢᠨ ᠵᠦᠢᠯᠡᠰ ᠢ ᠠᠪᠴᠤ ᠬᠡᠤᠬᠡᠳ | ᠪᠦᠬᠦᠨ ᠳᠤ ᠪᠤᠷᠬᠠᠨ ᠤ ᠬᠡᠰᠢᠭ ᠬᠤᠪᠢᠳᠡᠵᠦ ᠬᠦᠷᠲᠡᠭᠡᠨ᠎ᠡ᠃ ᠶᠡᠬᠡᠴᠤᠤᠯ ᠬᠦᠮᠤᠰ ᠲᠤ ᠪᠤᠯ ᠪᠤᠷᠬᠠᠨ ᠤ ᠴᠠᠢ | ᠦᠭᠳᠡᠭ᠂ ᠬᠠᠷᠢᠨ ᠵᠤᠴᠢᠨ ᠳᠤ ᠲᠠᠯᠪᠢᠭᠰᠠᠨ ᠲᠠᠪᠠᠭ ᠢᠶᠠᠨ ᠪᠤᠯ ᠬᠡᠣᠬᠡᠨ ᠬᠦᠷᠭᠡᠨ ᠢᠷᠡᠵᠦ ᠦᠩᠭᠡᠷᠡᠭᠰᠡᠨ ᠠᠴᠠ | ᠬᠤᠶᠢᠰᠢ ᠰᠠᠶ᠋ᠢ ᠪᠠᠭᠤᠯᠭᠠᠳᠠᠭ᠃ ᠵᠠᠷᠢᠮ ᠠᠶᠢᠯ ᠨᠢ ᠬᠡᠤᠬᠡᠨ ᠬᠦᠷᠭᠡᠨ ᠢᠶᠠᠨ ᠬᠦᠯᠢᠶᠡᠭᠡᠳᠭᠤᠷᠪᠠᠨ ᠰᠠᠷ᠎ᠠ ᠶᠢᠨ | ᠶᠤᠰᠤ ᠵᠠᠩ ᠤᠨ ᠲᠠᠯ᠎ᠠ ᠪᠠᠷ ᠪᠠᠷᠭᠤ ᠰᠤᠮᠤ ᠪᠠ ᠴᠠᠬᠠᠷ ᠤᠨ ᠬᠢ ᠭᠡᠳ ᠬᠤᠭᠤᠷᠤᠨᠳᠤ ᠪᠠᠨ ᠪᠠᠰᠠ ᠨᠠᠷᠢᠨ | ᠢᠯᠭᠠᠯᠲ᠋ᠠᠢ ᠵᠦᠢᠯ ᠪᠠᠶᠢᠬᠤ ᠪᠤᠯᠪᠠᠴᠤ ᠶᠡᠷᠦᠩᠬᠡᠢ ᠳᠤ ᠪᠠᠨ ᠪᠤᠯ ᠠᠳᠠᠯᠢᠬᠠᠨ ᠶᠤᠮ᠃ | | |