ᠴᠠᠬᠠᠷ ᠮᠤᠩᠭᠤᠯ ᠤᠨ ᠴᠠᠭᠠᠨ ᠰᠠᠷ᠎ᠡ ᠶᠢᠨ ᠶᠤᠰᠤ ᠵᠠᠩ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷ ᠰᠦᠨᠢ ᠪᠠᠷ ᠠᠶᠢᠯ ᠭᠡᠷ ᠪᠦᠭᠦᠳᠡ ᠬᠦᠷᠢᠶᠡᠨ ᠡᠭᠦᠳᠡᠨ | ᠳᠡᠭᠡᠷ᠎ᠡ ᠪᠠᠨ ᠲᠠᠬᠢᠯᠭ᠎ᠠ ᠶᠢᠨ ᠢᠳᠡᠭᠡᠨᠤᠮᠳᠠᠭᠠᠨ ᠤ ᠵᠦᠢᠯ ᠢ ᠳᠠᠪᠠᠭᠯᠠᠭᠠᠳ᠂ ᠬᠦᠵᠢᠰ ᠵᠤᠯᠡ ᠪᠠᠨ ᠠᠰᠠᠭᠠᠵᠦ | ᠪᠦᠭᠦᠳᠡᠭᠡᠷ ᠢᠶᠠᠨ ᠲᠡᠭᠷᠢ ᠳᠤ ᠮᠦᠷᠭᠦᠭᠦ ᠭᠡᠳ ᠳᠤᠷᠤᠨᠡ ᠵᠦᠭ ᠠᠴᠠ ᠦᠷ ᠬᠡᠶᠢᠵᠦ᠂ ᠴᠤᠯᠮᠤᠨ ᠳᠡᠭᠳᠡᠭᠦ ᠲᠠᠢ | ᠵᠡᠷᠭᠡ ᠮᠦᠷᠭᠦᠳᠡᠭ᠃ ᠮᠦᠷᠭᠦᠭᠦ ᠳᠡᠭᠡᠨ ᠪᠦᠰᠲᠡᠶᠢᠴᠤᠳ ᠤᠷᠢᠳᠠᠵᠦ ᠮᠦᠷᠭᠦᠭᠡᠳ ᠳᠠᠷᠠᠭ᠎ᠠ ᠨᠢ ᠰᠠᠶ᠋ᠢ ᠪᠦᠰᠡᠭᠦᠢ | ᠬᠦᠮᠤᠰ ᠮᠦᠷᠭᠦᠨ᠎ᠡ᠃ ︵ᠡᠭᠦᠨ ᠳᠤ ᠪᠡᠶ᠎ᠡ ᠵᠢᠷᠮᠤᠰᠤᠨ ᠪᠡ ᠤᠷᠤᠭᠯᠠᠭᠠᠳᠤᠢ ᠬᠡᠤᠬᠡᠨ ᠬᠦᠮᠤᠨ ᠭᠠᠯ ᠲᠡᠭᠷᠢ ᠳᠤ | ᠮᠦᠷᠭᠦᠳᠡᠭ ᠦᠭᠡᠢ︶ ᠠᠶᠢᠯ ᠪᠦᠷᠢ ᠢᠩᠭᠢᠵᠦ ᠮᠦᠷᠭᠦᠵᠦ ᠪᠠᠷᠠᠭᠠᠳ ᠨᠢᠬᠡ ᠲᠦᠷᠤᠯ ᠤᠨ ᠬᠡᠳᠤᠨ ᠭᠡᠷ ᠪᠠᠶᠢᠳᠠᠭ ᠪᠤᠯ | ᠠᠯᠢ ᠶᠡᠭᠡ ᠨᠠᠰᠤᠲᠡᠢ ᠠᠬᠠᠮᠠᠳ ᠪᠤᠯᠤᠭᠰᠡᠳ ᠤᠨ ᠭᠡᠷ ᠤᠨ ᠡᠭᠦᠳᠡᠨ ᠳᠤ ᠪᠦᠭᠦᠳᠡᠭᠡᠷ ᠵᠶ᠋ᠠᠨᠴᠤᠭᠯᠠᠷᠡᠵᠦ᠂ ᠡᠨᠡ | ᠠᠶᠢᠯ ᠤᠨ ᠪᠤᠷᠬᠠᠨ ᠰᠢᠲᠤᠭᠡᠨ ᠳᠤ ᠬᠦᠵᠢ ᠵᠤᠯᠡ ᠪᠠᠷᠢᠵᠦ ᠮᠦᠷᠭᠦᠭᠰᠡᠨ ᠳᠠᠷᠦᠢ ᠳᠤ ᠬᠠᠷᠢᠯᠴᠡᠨ ᠰᠢᠨ᠎ᠡ ᠶᠢᠨ | ᠠᠮᠤᠷ ᠡᠷᠢᠵᠦ᠂ ᠬᠦᠬᠦᠷ ᠬᠠᠳᠠᠭ ᠵᠦᠷᠢᠭᠦᠯᠤᠨ ᠵᠤᠯᠭᠠᠯᠴᠡᠳᠠᠭ᠃ ᠬᠡᠤᠬᠡᠳ ᠪᠠᠭᠠᠴᠤᠳᠨᠢ ᠠᠪᠤ ᠡᠵᠢ᠂ ᠶᠡᠬᠡᠰ | ᠳᠡᠭᠡᠳᠤᠰ ᠲᠡᠭᠡᠨ ᠬᠤᠷᠮᠤᠢ ᠳᠡᠪᠢᠰᠤᠨ ᠰᠦᠭᠦᠳᠤᠨ ᠮᠦᠷᠭᠦᠭᠡᠳ ᠵᠤᠯᠭᠠᠳᠠᠭ᠃ ᠵᠤᠯᠭᠠᠯᠲᠡ ᠪᠠᠷᠠᠭᠰᠠᠨ ᠤ ᠳᠠᠷᠠᠭ᠎ᠠ | ᠳᠡᠰ ᠳᠠᠷᠠᠭᠠᠯᠡᠨ ᠰᠠᠭᠤᠯᠭᠠᠵᠦ᠂ ᠰᠢᠨ᠎ᠡ ᠶᠢᠨ ᠵᠠᠰᠠᠭᠰᠠᠨ ᠲᠠᠪᠠᠭ ᠲᠠᠯᠪᠢᠵᠦ ᠴᠠᠭᠠᠨ ᠢᠳᠡᠭᠡ ᠠᠮᠰᠠᠭᠤᠯᠤᠨᠡ᠃ | ᠴᠠᠭᠠᠨ ᠢᠳᠡᠭᠡ ᠴᠠᠢ ᠠᠮᠠᠰᠠᠭᠰᠠᠨ ᠤ ᠳᠠᠷᠠᠭ᠎ᠠ ᠰᠢᠨ᠎ᠡ ᠶᠢᠨ ᠠᠷᠢᠬᠢ ᠪᠠᠷᠢᠨ᠎ᠠ᠃ ᠰᠢᠨ᠎ᠡ ᠶᠢᠨ ᠠᠷᠢᠬᠢ ᠪᠠᠷᠢᠬᠤ ᠨᠢ | ᠶᠡᠷᠤ ᠴᠠᠭ ᠤᠨ ᠠᠷᠢᠬᠢ ᠪᠠᠷᠢᠬᠤ ᠲᠠᠢ ᠢᠯᠭᠠᠭ᠎ᠠ ᠲᠠᠢ᠃ ᠭᠡᠷ ᠤᠨ ᠬᠦᠮᠤᠨ ᠠᠴᠠ ᠢᠷᠡᠭᠰᠡᠨᠵᠤᠴᠢᠳ ᠤᠨ ᠶᠡᠭᠡ | ᠪᠠᠭ᠎ᠠ ᠢᠯᠭᠠᠯ ᠦᠭᠡᠢ ᠪᠠᠭ᠎ᠠ ᠭᠡᠮ ᠢᠶᠠᠷ ᠶᠡᠬᠡᠴᠤᠤᠯ ᠠᠴᠠ ᠡᠬᠢᠯᠡᠵᠦ ᠪᠠᠭᠠᠴᠤᠤᠯ ᠳᠤ ᠬᠦᠷᠲᠡᠯ᠎ᠡ ᠪᠠᠷᠢᠳᠠᠭ᠃ ᠠᠷᠢᠬᠢ | ᠪᠠᠷᠢᠭᠴᠢ ᠪᠤᠰᠴᠤ ᠵᠤᠭᠰᠤᠭᠠᠳ ᠠᠷᠢᠬᠢ ᠶᠢ ᠭᠠᠷᠳᠡᠵᠦ ᠬᠠᠷᠢᠭᠤ ᠳᠤ ᠨᠢ ᠮᠦᠷᠭᠦᠵᠦ ᠠᠪᠳᠠᠭ᠃ ᠡᠭᠦᠨ ᠤ ᠳᠠᠷᠠᠭ᠎ᠠ | ᠶᠡᠭᠡ ᠬᠡᠮ ᠢᠶᠠᠷ ᠠᠷᠢᠬᠢ ᠬᠡᠮᠨᠡᠭᠡᠳ ᠳᠠᠬᠢᠨ ᠳᠡᠰ ᠳᠠᠷᠠᠭᠠᠯᠡᠨ ᠠᠷᠢᠬᠢ ᠪᠠᠷᠢᠳᠠᠭ᠃ ᠳᠠᠷᠠᠭ᠎ᠠ ᠪᠠᠷ ᠭᠡᠷ ᠤᠨ ᠬᠦᠮᠤᠰ | ᠪᠠᠰᠠ ᠳᠡᠰ ᠳᠠᠷᠠᠭᠠᠯᠡᠨ ᠢᠷᠡᠭᠰᠡᠨ ᠬᠦᠮᠤᠰ ᠲᠤ ᠪᠠᠨ ᠶᠡᠭᠡ ᠬᠡᠮ ᠢ ᠨᠢ ᠳᠤᠮᠳᠡᠷᠡᠭᠤᠯᠤᠨ ᠪᠠᠶᠢᠵᠦ ᠠᠪᠤᠭᠠᠳ ᠠᠷᠢᠬᠢ | ᠨᠡᠮᠡᠵᠦ ᠪᠠᠷᠢᠳᠠᠭ᠃ ᠰᠢᠨ᠎ᠡ ᠶᠢᠨ ᠠᠷᠢᠬᠢ ᠭᠡᠳ ᠵᠠᠪᠡᠯ ᠬᠦᠮᠤᠨ ᠪᠦᠷᠢ ᠳᠤ ᠭᠤᠷᠪᠡᠨ ᠬᠡᠮ ᠪᠠᠶᠡᠷ ᠤᠨ ᠠᠷᠢᠬᠢ ᠪᠠᠨ | ᠪᠠᠷᠢᠵᠦ ᠲᠤᠭ᠎ᠠ ᠶᠤᠰᠤ ᠪᠠᠨ ᠭᠦᠢᠴᠡᠳᠭᠡᠳᠡᠭ᠃ ᠰᠢᠨ᠎ᠡ ᠶᠢᠨ ᠠᠷᠢᠬᠢ ᠪᠠᠷᠢᠬᠤ ᠲᠠᠢ ᠵᠡᠷᠭᠡ ᠬᠠᠯᠠᠭᠤᠨ ᠲᠤᠭᠤᠭ᠎ᠠ | ᠪᠠᠩᠰᠢ ᠪᠤᠤᠽᠢ ᠲᠠᠯᠪᠢᠵᠦ ᠰᠢᠨ᠎ᠡ ᠶᠢᠨ ᠱᠦᠯᠤ ᠠᠮᠰᠠᠭᠤᠯᠤᠨᠡ᠃ ᠡᠨᠡ ᠮᠡᠲᠤ ᠰᠢᠨᠡᠯᠡᠬᠦ ᠶᠤᠰᠤᠯᠡᠯ ᠢ ᠨᠢᠬᠡ ᠭᠡᠷ | ᠠᠴᠠ ᠡᠬᠢᠯᠡᠵᠦ ᠠᠶᠢᠯ ᠬᠤᠲᠡᠨ ᠤ ᠭᠡᠷ ᠪᠦᠬᠦᠨ ᠳᠤ ᠳᠡᠰ ᠳᠠᠷᠠᠭᠠᠯᠡᠨ ᠤᠷᠤᠵᠦ᠂ ᠪᠤᠷᠬᠠᠨ ᠰᠢᠲᠤᠭᠡᠨ ᠳᠤ ᠨᠢ | ᠤᠷᠢᠲᠡᠵᠦ ᠮᠦᠷᠭᠦᠭᠡᠳ᠂ ᠭᠡᠷ ᠤᠨ ᠬᠢᠨᠢ ᠬᠦᠮᠤᠰ ᠲᠠᠢ ᠰᠢᠨ᠎ᠡ ᠶᠢᠨ ᠵᠤᠯᠭᠠᠯᠲᠡ ᠬᠢᠨ᠎ᠡ᠃ ᠶᠠᠳᠠᠭᠤ ᠵᠦᠳᠡᠭᠦᠦ | ᠠᠶᠢᠯ ᠭᠡᠷ ᠨᠢ ᠬᠠᠯᠠᠭᠤᠨ ᠲᠤᠭᠤᠭ᠎ᠠ ᠵᠡᠷᠭᠡ ᠶᠢᠨ ᠨᠠᠷᠢᠯᠢᠭ ᠡᠳ᠋ᠯᠡᠯ ᠦᠭᠡᠢ ᠴᠤ ᠭᠡᠰᠡᠨ ᠠᠳᠠᠭ ᠲᠤ ᠪᠠᠨ ᠪᠠᠩᠰᠢ | ᠪᠤᠤᠽᠢ ᠵᠡᠷᠭᠡ ᠶᠢᠨ ᠳᠦᠭᠦᠮ ᠢᠳᠡᠭᠡᠨ ᠢᠶᠠᠨ ᠲᠠᠯᠪᠢᠵᠦ᠂ ᠠᠷᠢᠬᠢ ᠳᠡᠷᠡᠰᠤᠨ ᠤ ᠵᠦᠢ ᠶᠤᠰᠤ ᠶᠢ ᠠᠯᠳᠠᠭᠤᠯᠤᠯ | ᠦᠭᠡᠢ ᠭᠦᠢᠴᠡᠳᠭᠡᠨ᠎ᠡ᠃ ᠬᠤᠲᠡ ᠤᠰᠤᠨ ᠳᠤ ᠪᠠᠨ ᠢᠩᠭᠢᠵᠦ ᠶᠤᠰᠤ ᠭᠦᠢᠴᠡᠳᠭᠡᠭᠰᠡᠨ ᠤ ᠳᠠᠷᠠᠭ᠎ᠠ ᠰᠠᠶ᠋ᠢ ᠭᠡᠷ ᠲᠤ | ᠪᠠᠨ ᠬᠠᠷᠢᠵᠦ ᠰᠢᠨ᠎ᠡ ᠵᠢᠯ ᠢᠶᠠᠨ ᠪᠡᠯᠭᠡᠯᠡᠵᠦ ᠨᠠᠶᠢᠷᠠᠯᠠᠨᠡ᠃ ᠭᠠᠳᠠᠭᠰᠢ ᠶᠠᠪᠤᠵᠦ ᠰᠢᠨ᠎ᠡ ᠶᠢᠨ ᠵᠤᠯᠭᠠᠯᠲᠡ ᠬᠢᠬᠦ ᠶᠢᠨ | ᠤᠷᠢᠳ ᠡᠭᠦᠳᠡ ᠭᠠᠷᠬᠤ ᠮᠦᠷ ᠭᠠᠷᠭᠠᠨ᠎ᠠ ᠭᠡᠳᠡᠭ ᠶᠤᠰᠤ ᠪᠤᠢ᠃ ᠪᠦᠰᠡᠲᠡᠢ ᠬᠦᠮᠤᠰ ᠰᠢᠨ᠎ᠡ ᠶᠢᠨ ᠶᠠᠩᠵᠦ ᠪᠠᠷ | ᠵᠠᠰᠠᠵᠦ ᠬᠤᠪᠴᠠᠯᠠᠭᠠᠳ ᠮᠤᠷᠢ ᠡᠮᠡᠭᠡᠯᠯᠡᠵᠦ ᠮᠤᠷᠳᠠᠭᠠᠳ ᠪᠠᠶᠡᠷ ᠤᠨ ᠵᠦᠭ ᠲᠡᠰᠢ ᠶᠠᠪᠤᠬᠤ ᠳᠤ ᠪᠠᠨ ᠬᠦᠵᠢ | ᠠᠰᠠᠭᠠᠭᠠᠳ ᠬᠡᠰᠢᠭ ᠵᠦᠭ ᠠᠴᠠ ᠡᠭᠡᠵᠦ ᠢᠷᠡᠳᠡᠭ᠃ ᠡᠮᠡᠭᠲᠡᠶᠢᠴᠤᠳ ᠨᠢ ᠪᠤᠯ ᠵᠡᠭᠦᠳᠡᠯ ᠵᠠᠰᠠᠯ ᠢᠶᠠᠨ ᠪᠦᠷᠢᠨ | ᠵᠡᠭᠦᠵᠦ ᠶᠠᠪᠠᠭᠠᠨ ᠢᠶᠠᠷ ᠦᠢᠷ᠎ᠡ ᠵᠠᠭᠤᠷ᠎ᠡ ᠶᠠᠪᠤᠵᠦ ᠮᠦᠷ ᠢᠶᠠᠨ ᠭᠠᠷᠭᠠᠨ᠎ᠠ᠃ ᠭᠠᠳᠠᠭᠰᠢ ᠶᠠᠪᠤᠵᠦ ᠰᠢᠨ᠎ᠡ ᠶᠢᠨ | ᠵᠤᠯᠭᠠᠯᠲᠡ ᠬᠢᠬᠦ ᠪᠤᠯ ᠰᠢᠨ᠎ᠡ ᠶᠢᠨ ᠨᠢᠭᠡ ᠬᠤᠶᠡᠷ ᠡᠴᠡᠡᠬᠢᠯᠡᠭᠡᠳᠠᠷᠪᠠᠳ ᠬᠦᠷᠲᠡᠯ᠎ᠡ ᠶᠠᠪᠤᠭᠳᠠᠨ᠎ᠠ᠃ ᠢᠩᠭᠢᠵᠦ | ᠵᠤᠯᠭᠠᠯᠲᠡ ᠬᠢᠬᠦ ᠳᠤ ᠪᠠᠨ ᠭᠤᠤᠯ ᠨᠢ ᠠᠬ᠎ᠠ ᠳᠡᠭᠦᠦ ᠪᠤᠶᠤ ᠤᠷᠤᠭ ᠲᠦᠷᠤᠯ ᠬᠦᠷᠰᠢ ᠵᠡᠷᠭᠡᠯᠳᠡᠭᠡ ᠠᠶᠢᠯ ᠠᠶᠢᠮᠠᠭ | ᠤᠨ ᠲᠠᠨᠢᠯ ᠳᠠᠰᠣᠯ ᠠᠶᠢᠯ ᠤᠳ ᠢᠶᠠᠷ ᠦᠯᠡᠳᠡᠭᠡᠯ ᠦᠭᠡᠢ ᠬᠦᠷᠴᠤ ᠰᠢᠨ᠎ᠡ ᠶᠢᠨ ᠮᠡᠨᠳᠤ ᠮᠡᠳᠡᠵᠦ ᠠᠮᠤᠷ ᠡᠷᠢᠵᠦ | ᠵᠤᠯᠭᠠᠨ᠎ᠠ᠃ ᠵᠠᠷᠢᠮ ᠨᠢ ᠬᠤᠯᠡ ᠰᠢᠭ᠋ ᠪᠠᠶᠢᠭ᠎ᠠ ᠠᠬ᠎ᠠ ᠳᠡᠭᠦᠦ ᠰᠠᠳᠤᠨ ᠤ ᠳ᠋ᠠᠭᠠᠨᠣᠴᠢᠵᠦ ᠲᠠᠶᠢᠯᠬᠦ ᠦᠭᠡᠢ ᠳᠤ | ᠬᠦᠷᠪᠡᠯ᠂ ᠲᠡᠰᠢ ᠬᠦᠷᠬᠦ ᠬᠦᠮᠤᠨ ᠢᠶᠠᠷ ᠰᠢᠨ᠎ᠡ ᠶᠢᠨ ᠪᠡᠯᠡᠭ ᠢᠶᠠᠨ ᠢᠯᠡᠭᠡᠨ᠎ᠡ᠃ ᠪᠡᠯᠡᠭ ᠤᠨ ᠵᠦᠢᠯ ᠳᠤ ᠠᠬᠠᠰ | ᠶᠡᠬᠡᠰ ᠬᠦᠮᠤᠨ ᠳᠤ ᠪᠠᠨ ᠪᠤᠯ ᠬᠠᠳᠠᠭ ᠰᠠᠮᠪᠡᠢ᠂ ᠦᠶ᠎ᠡ ᠬᠤᠷᠠᠭ ᠤᠨ ᠬᠦᠮᠤᠨ ᠳᠤ ᠪᠠᠨ ᠪᠤᠯ ᠭᠠᠷ ᠪᠡᠯᠡᠭ ᠦᠭᠳᠡᠭ | ᠶᠤᠮ᠃ ᠭᠠᠷ ᠪᠡᠯᠡᠭ ᠲᠤ ᠤᠯᠡᠨ ᠵᠦᠢᠯ ᠪᠠᠶᠢᠬᠤ ᠪᠦᠭᠡᠳ ᠡᠭᠦᠨ ᠢ ᠶᠡᠭᠡ ᠦᠶ᠎ᠡ ᠲᠠᠢ ᠬᠦᠮᠤᠨ ᠳᠤ ᠴᠤ ᠦᠭᠳᠡᠭ | ᠶᠤᠰᠤ ᠪᠤᠢ᠃ ᠵᠢᠱᠢᠶᠡᠯᠡᠪᠡᠯ᠂ ᠳᠡᠭᠡᠷ᠎ᠡ ᠦᠶ᠎ᠡ ᠲᠠᠢ ᠬᠦᠮᠤᠨ ᠳᠤ ᠦᠭᠭᠦ ᠭᠠᠷ ᠪᠡᠯᠡᠭ ᠭᠡᠳ ᠠᠯᠠᠭᠠᠨ ᠴᠢᠨᠡᠭᠡᠨ | ᠳᠦᠷᠪᠡᠯᠵᠢᠨ ᠴᠠᠭᠠᠰᠤᠨ ᠳᠡᠭᠡᠷ᠎ᠡ ᠲᠠᠯ᠎ᠡ ᠴᠢᠪᠠᠭ᠎ᠠ ᠬᠢᠵᠦ ᠪᠠᠭᠯᠠᠭᠠᠳ ᠦᠭᠳᠡᠭ ᠨᠢ ᠨᠢᠭᠡ ᠵᠦᠢᠯ᠃ ᠠᠪᠤ ᠡᠵᠢ ᠳᠤ | ᠪᠠᠨ ᠭᠡᠳ ᠠᠳᠠᠯᠢ ᠶᠤᠰᠤ ᠪᠠᠷ ᠡᠩᠭᠡᠷ ᠤᠨ ᠰᠢᠯᠪᠢ ᠬᠢᠵᠦ ᠪᠠᠭᠯᠠᠭᠠᠳ ᠦᠭᠳᠡᠭ ᠨᠢ ᠪᠠᠰᠠ ᠨᠢᠭᠡ ᠵᠦᠢᠯ᠃ ᠳᠡᠭᠡᠷ᠎ᠡ | ᠦᠶ᠎ᠡ ᠶᠢᠨ ᠬᠢᠨᠲ᠋ᠤᠤᠷᠡ ᠦᠶ᠎ᠡ ᠳᠤ ᠪᠠᠨ ᠦᠭᠭᠦ ᠭᠠᠷ ᠪᠡᠯᠡᠭ ᠭᠡᠳ ᠬᠡᠳᠤᠨ ᠦᠩᠭᠡ ᠶᠢᠨ ᠣᠲᠠᠰᠤ ᠬᠢᠵᠦ | ᠪᠠᠭᠯᠠᠭᠠᠳᠦᠭᠳᠡᠭ ᠨᠢ ᠪᠠᠰᠠ ᠨᠢᠭᠡ ᠵᠦᠢᠯ ᠪᠤᠯᠬᠤ ᠶᠤᠮ᠃ ᠬᠡᠤᠬᠡᠳ ᠪᠠᠭᠠᠴᠤᠳ ᠲᠤ ᠪᠤᠯ ᠪᠤᠤᠪᠤ ᠪᠤᠭᠤᠷᠰᠤᠭ | ᠰᠢᠬᠢᠷ ᠵᠢᠮᠢᠰ ᠫᠤᠤᠵᠢᠩ ᠵᠡᠷᠭᠡ ᠪᠠᠶᠢᠳᠠᠭ᠃ ᠵᠤᠯᠭᠠᠯᠲᠡ ᠬᠢᠬᠦ ᠡᠨᠡᠬᠦ ᠬᠤᠭᠤᠴᠠᠭᠠᠨ ᠳᠤ ᠬᠦᠮᠤᠨ ᠪᠦᠬᠦᠨ ᠪᠠᠶᠡᠷ | ᠬᠦᠷ ᠲᠠᠢ ᠮᠦᠷᠲᠡᠭᠡᠨ ᠲᠤᠩ ᠶᠡᠭᠡ ᠶᠠᠭᠠᠷᠠᠯᠲᠡᠢ ᠪᠠᠶᠢᠳᠠᠭ᠃ ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠪᠤᠯᠪᠠᠯ | ᠪᠤᠷᠬᠠᠨ ᠤ ᠲᠠᠬᠢᠯᠭ᠎ᠠ ᠪᠠᠨ ᠲᠢᠭᠯᠡᠬᠦ ᠡᠳᠤᠷ ᠪᠤᠯᠳᠠᠭ ᠲᠤᠯᠡ᠂ ᠠᠶᠢᠯ ᠡᠷᠤᠬᠡ ᠪᠤᠯᠭᠠᠨ ᠪᠤᠷᠬᠠᠨ ᠳᠤ ᠪᠠᠨ ᠬᠦᠵᠢ | ᠵᠤᠯᠡ ᠪᠠᠷᠢᠵᠦ ᠲᠠᠬᠢᠯᠭ᠎ᠠ ᠶᠢᠨ ᠵᠦᠢᠯᠡᠰ ᠢ ᠠᠪᠴᠤ ᠬᠡᠤᠬᠡᠳ ᠪᠦᠬᠦᠨ ᠳᠤ ᠪᠤᠷᠬᠠᠨ ᠤ ᠬᠡᠰᠢᠭ ᠬᠤᠪᠢᠳᠡᠵᠦ | ᠬᠦᠷᠲᠡᠭᠡᠨ᠎ᠡ᠃ ᠶᠡᠬᠡᠴᠤᠤᠯ ᠬᠦᠮᠤᠰ ᠲᠤ ᠪᠤᠯ ᠪᠤᠷᠬᠠᠨ ᠤ ᠴᠠᠢ ᠦᠭᠳᠡᠭ᠂ ᠬᠠᠷᠢᠨ ᠵᠤᠴᠢᠨ ᠳᠤ ᠲᠠᠯᠪᠢᠭᠰᠠᠨ | ᠲᠠᠪᠠᠭ ᠢᠶᠠᠨ ᠪᠤᠯ ᠬᠡᠣᠬᠡᠨ ᠬᠦᠷᠭᠡᠨ ᠢᠷᠡᠵᠦ ᠦᠩᠭᠡᠷᠡᠭᠰᠡᠨ ᠠᠴᠠ ᠬᠤᠶᠢᠰᠢ ᠰᠠᠶ᠋ᠢ ᠪᠠᠭᠤᠯᠭᠠᠳᠠᠭ᠃ ᠵᠠᠷᠢᠮ ᠠᠶᠢᠯ | ᠨᠢ ᠬᠡᠤᠬᠡᠨ ᠬᠦᠷᠭᠡᠨ ᠢᠶᠠᠨ ᠬᠦᠯᠢᠶᠡᠭᠡᠳ ᠭᠤᠷᠪᠠᠨ ᠰᠠᠷ᠎ᠠ ᠶᠢᠨ ᠶᠤᠰᠤ ᠵᠠᠩ ᠤᠨᠲ᠋ᠠᠯ᠎ᠠ ᠪᠠᠷ ᠪᠠᠷᠭᠤ ᠰᠤᠮᠤ ᠪᠠ | ᠴᠠᠬᠠᠷ ᠤᠨ ᠬᠢ ᠭᠡᠳ ᠬᠤᠭᠤᠷᠤᠨᠳᠤ ᠪᠠᠨ ᠪᠠᠰᠠ ᠨᠠᠷᠢᠨ ᠢᠯᠭᠠᠯ ᠲᠠᠢ ᠵᠦᠢᠯ ᠪᠠᠶᠢᠬᠤ ᠪᠤᠯᠪᠠᠴᠤ ᠶᠡᠷᠦᠩᠬᠡᠢ ᠳᠤ | ᠪᠠᠨ ᠪᠤᠯ ᠠᠳᠠᠯᠢᠬᠠᠨ ᠶᠤᠮ᠃ | |