ᠮᠣᠩᠭᠤᠯ ᠭᠡᠷ ᠠᠴᠠ ᠭᠠᠷᠬᠤ ᠶᠣᠰᠣ | | ᠢᠷᠡᠭᠰᠡᠨ ᠵᠣᠴᠢᠨ ᠮᠣᠩᠭᠤᠯ ᠬᠡᠷ ᠠᠴᠠ ᠭᠠᠷᠬᠤ ᠳᠤ ᠪᠠᠨ ᠢᠳᠡᠭᠡ ᠠᠮᠰᠠᠵᠤ᠂ ᠭᠡᠷ ᠤᠨ ᠡᠵᠡᠨ ᠳᠤ ᠨᠢ | ᠪᠠᠶᠠᠷ ᠲᠠᠯᠠᠷᠬᠠᠯ ᠢᠶᠠᠨ ᠳᠡᠪᠰᠢᠭᠦᠯᠬᠦ ᠶᠢᠨ ᠬᠠᠮᠳᠦ᠂ ︽ᠲᠠᠨᠠᠷ ᠰᠠᠶᠢᠨ ᠰᠠᠭᠤᠵᠤ ᠪᠠᠶᠢᠭᠠᠷᠡᠢ︕︾ ᠭᠡᠬᠦ ᠮᠡᠳᠦ | ᠪᠡᠯᠬᠡ ᠳᠡᠮᠪᠡᠷᠢᠯ ᠲᠠᠢ ᠦᠬᠡ ᠬᠡᠯᠡᠳᠡᠭ᠃ ᠭᠡᠷ ᠠᠴᠠ ᠭᠠᠷᠬᠤ ᠬᠦᠮᠦᠰ ᠭᠤᠯᠣᠮᠳᠡ ᠲᠣᠯᠭ᠎ᠠ ᠶᠢᠨ ᠠᠯᠢ ᠲᠠᠯ᠎ᠠ ᠳᠤ | ᠰᠠᠭᠤᠵᠤ ᠪᠠᠶᠢᠭᠰᠡᠨ ᠪᠣᠯ ᠲᠡᠷᠡ ᠲᠠᠯ᠎ᠠ ᠪᠠᠷ ᠢᠶᠠᠨ ᠭᠠᠷᠳᠠᠭ᠃ ᠳᠠᠷᠣᠢ ᠪᠠᠷᠠᠭᠤᠨ ᠲᠠᠯ᠎ᠠ ᠪᠠᠷ ᠰᠠᠭᠤᠵᠤ ᠪᠠᠶᠢᠭᠰᠡᠨ | ᠬᠦᠮᠦᠨ ᠪᠣᠯ ᠪᠠᠷᠠᠭᠤᠨ ᠬᠠᠶᠠᠭ᠎ᠠ ᠳᠠᠭᠠᠵᠤ᠂ ᠵᠡᠭᠦᠨ ᠲᠠᠯ᠎ᠠ ᠪᠠᠷ ᠰᠠᠭᠤᠵᠤ ᠪᠠᠶᠢᠭᠰᠡᠨ ᠬᠦᠮᠦᠨ ᠵᠡᠭᠦᠨ ᠬᠠᠶᠠᠭ᠎ᠠ | ᠳᠠᠭᠠᠵᠤ ᠭᠠᠷᠳᠠᠭ᠃ ᠬᠤᠶᠢᠮᠣᠷ ᠲᠠᠯ᠎ᠠ ᠳᠤ ᠰᠠᠭᠤᠭᠰᠡᠨ ᠬᠦᠮᠦᠰ ᠤᠨ ᠬᠤᠶᠢᠮᠣᠷ ᠤᠨ ᠭᠤᠣᠯ ᠠᠴᠠ ᠪᠠᠷᠠᠭᠤᠨᠰᠢ | ᠰᠠᠭᠤᠭᠰᠡᠳ ᠨᠢ ᠪᠠᠷᠠᠭᠤᠨ ᠲᠠᠯ᠎ᠠ ᠪᠠᠷ ᠭᠠᠷᠴᠣ᠂ ᠬᠤᠶᠢᠮᠣᠷ ᠤᠨ ᠭᠤᠣᠯ ᠠᠴᠠ ᠵᠡᠭᠦᠨᠰᠢ ᠰᠠᠭᠤᠭᠰᠡᠳ ᠨᠢ ᠵᠡᠭᠦᠨ | ᠲᠠᠯ᠎ᠠ ᠪᠠᠷ ᠭᠠᠷᠳᠠᠭ᠃ ᠬᠡᠷ ᠠᠴᠠ ᠭᠠᠷᠬᠤ ᠳᠤ ᠪᠠᠨ ᠠᠶᠢᠯ ᠤᠨ ᠲᠣᠭᠤᠨᠣ ᠶᠢᠨ ᠭᠤᠣᠯ ᠬᠡᠴᠡ ᠠᠴᠠ ᠬᠦᠨᠳᠡᠯᠡᠨ | ᠣᠭᠳᠣᠯᠵᠤ ᠦᠩᠭᠡᠷᠡᠭᠦ ᠶᠢ ᠴᠡᠭᠡᠷᠯᠡᠳᠡᠭ᠃ ᠭᠡᠷ ᠠᠴᠠ ᠭᠠᠷᠬᠤ ᠳᠤ ᠪᠠᠨ ᠲᠣᠯᠭ᠎ᠠ ᠵᠣᠤᠬ᠎ᠠ᠂ ᠲᠣᠭᠤᠭ᠎ᠠ ᠰᠢᠨᠠᠭ᠎ᠠ᠂ | ᠰᠠᠪᠡ ᠰᠠᠭᠤᠯᠠᠭ᠎ᠠ ᠳᠤ ᠬᠤᠷᠮᠣᠢ ᠪᠠᠨ ᠬᠦᠷᠬᠡᠬᠦ ᠶᠢ ᠬᠢᠴᠢᠶᠡᠵᠤ᠂ ᠳᠡᠪᠡᠯ ᠤᠨ ᠬᠤᠷᠮᠣᠢ ᠪᠠᠨ ᠬᠤᠮᠢᠰᠬᠢᠵᠤ ᠭᠠᠷᠳᠠᠭ | ᠶᠣᠰᠣ ᠲᠠᠢ᠃ ᠵᠣᠴᠢᠨ ᠭᠡᠷ ᠠᠴᠠ ᠭᠠᠷᠬᠤ ᠦᠶ᠎ᠡ ᠳᠤ ᠭᠡᠷ ᠤᠨ ᠡᠵᠡᠭᠲᠡᠢ ᠰᠢᠨᠠᠭ᠎ᠠ ᠪᠠᠨ ᠵᠠᠪᠡᠯ ᠲᠣᠭᠤᠭᠠᠨ ᠠᠴᠠ | ᠰᠠᠯᠭᠠᠳᠠᠭ᠃ ᠲᠣᠭᠤᠭ᠎ᠠ ᠰᠢᠨᠠᠭ᠎ᠠ ᠶᠢ ᠰᠠᠯᠭᠠᠬᠤ ᠦᠭᠡᠢ ᠪᠣᠯ ᠠᠶᠠᠨ ᠵᠠᠮ ᠳᠤ ᠰᠠᠭᠠᠳ ᠪᠣᠯᠬᠤ ᠪᠣᠶᠣ ᠠᠵᠢᠯ | ᠡᠭᠦᠷᠭᠡ ᠰᠣᠨᠵᠢᠷᠡᠨᠡ ᠭᠡᠳᠡᠭ᠃ ᠭᠡᠷ ᠠᠴᠠ ᠭᠠᠷᠬᠤ ᠳᠤ ᠬᠡᠷ ᠤᠨ ᠡᠵᠡᠭᠲᠡᠢ᠂ ᠬᠡᠦᠬᠡᠳ ᠪᠠᠭᠠᠴᠣᠳ ᠣᠷᠢᠳ ᠢᠶᠠᠷ | ᠭᠠᠷᠳᠠᠭ᠃ ᠢᠷᠡᠭᠰᠡᠨ ᠵᠣᠴᠢᠳ ᠤᠨ ᠳᠡᠭᠦᠦᠮᠡᠳ ᠨᠢ ᠲᠡᠷᠢᠭᠦᠨ ᠳᠤ ᠭᠠᠷᠴᠣ᠂ ᠨᠠᠰᠣᠨ ᠤ ᠳᠠᠷᠠᠭᠠᠯᠡᠯ ᠢᠶᠠᠷ ᠭᠠᠷᠳᠠᠭ | ᠶᠣᠰᠣ ᠲᠠᠢ᠃ | | | ᠣᠷᠴᠢᠭᠤᠯᠣᠭᠴᠢ᠄ ᠣᠶᠣᠨᠰᠡᠴᠡᠨ | | | | | | |