2016 ᠤᠨ ᠤ 10 ᠰᠠᠷ᠎ᠠ ᠶᠢᠨ 20 ᠤ ᠡᠳᠦᠷ ᠪᠢᠳᠡ ᠴᠠᠬᠠᠷ ᠪᠠᠷᠠᠭᠤᠨ ᠭᠠᠷᠤᠨ ᠬᠤᠶᠢᠳᠤ | ᠬᠤᠰᠢᠭᠤᠨ ᠤ ᠪᠠᠶᠠᠨᠴᠠᠭᠠᠨ ᠪᠠᠯᠭᠠᠰᠤᠨ ᠳᠤ᠂ ᠠᠰᠠᠷ ᠬᠦᠭᠵᠢᠮ ᠤᠨ ᠤᠷᠠᠯᠢᠭ ᠢ ᠤᠯᠠᠮᠵᠢᠯᠠᠨ ᠵᠠᠯᠭᠠᠮᠵᠢᠯᠠᠬᠤ | ᠬᠦᠭᠵᠢᠭᠦᠯᠦᠨ ᠪᠠᠳᠠᠷᠠᠭᠠᠬᠤ ᠭᠡᠳ ᠨᠦᠷᠢ ᠶᠡᠭᠡ ᠬᠦᠴᠤ ᠭᠠᠷᠭᠠᠨ ᠵᠢᠷᠦᠬᠡᠨᠲ᠋ᠠᠮᠢᠷ ᠢᠶᠠᠨ ᠰᠢᠪᠬᠠᠨ ᠶᠠᠪᠤᠭ᠎ᠠ ᠳᠠᠯᠠᠨ | ᠨᠢᠭᠡᠲᠡᠢ ᠵᠢᠭᠳᠡᠩᠭᠡ ︵ᠬᠢᠲᠠᠳ ᠨᠡᠷ᠎ᠡ ᠨᠢ ᠦ᠋ ᠳ᠋ᠢᠶᠠᠨ ᠯᠢᠨ ᠭᠡᠳᠡᠭ︶ ᠨᠠᠰᠤᠲᠠᠨ ᠢ ᠰᠤᠷᠪᠤᠯᠵᠢᠯᠠᠯ᠎ᠠ᠃ ᠲᠡᠷᠡ ᠪᠤᠯ | ︽ᠴᠠᠬᠠᠷ ᠰᠤᠶᠤᠯ︾ ᠭᠡᠬᠦ ᠲᠤᠷᠠᠳᠤᠯᠭ᠎ᠠ ᠶᠢ ᠠᠩᠬᠠᠯᠠᠨ ᠲᠤᠷᠠᠳᠤᠭᠰᠠᠠ ᠬᠦᠮᠦᠨ ᠪᠦᠭᠡᠳᠤᠯᠠᠭᠠᠨᠴᠠᠪ ᠬᠤᠲᠠ ᠶᠢᠨ | ᠠᠰᠠᠷ ᠬᠦᠭᠵᠢᠮ ᠤᠨ ᠤᠯᠠᠮᠵᠢᠯᠠᠭᠴᠢ᠃︽ᠴᠠᠬᠠᠷ ᠭᠡᠭᠴᠢ ᠠᠶᠢᠮᠠᠭ ᠪᠦᠯᠦᠭ ᠪᠢᠰᠢ᠂ ᠬᠠᠷᠢᠨ ᠮᠤᠩᠭᠤᠯ ᠤᠨ ᠡᠯ᠎ᠡ | ᠠᠶᠢᠮᠠᠭ ᠪᠦᠯᠦᠭ ᠠᠴᠠ ᠰᠢᠯᠢᠭᠳᠡᠨ ᠢᠷᠡᠭᠰᠡᠡᠤᠷᠳᠤᠨ ᠬᠠᠮᠠᠭᠠᠯᠠᠬᠤ ᠰᠢᠲᠠᠷ ᠴᠡᠷᠢᠭ ᠪᠠᠶᠢᠭᠰᠠᠠ ᠶᠤᠮ᠃ | ᠴᠠᠬᠠᠷ ᠤᠨ ᠨᠠᠶᠢᠷ ᠬᠤᠷᠢᠮ ᠢ ᠤᠷᠢᠳᠠᠪᠠᠷ ᠠᠰᠠᠷ ᠬᠦᠭᠵᠢᠮ ᠢᠶᠠᠷ ᠡᠬᠢᠯᠡᠭᠦᠯᠵᠤ᠂ ᠬᠠᠭᠠᠨ ᠢᠶᠠᠨ | ᠮᠠᠭᠳᠠᠭᠰᠠᠨ ᠲᠠᠭᠤᠤ᠂ ᠤᠯᠤᠰ ᠢᠶᠠᠨ ᠮᠠᠭᠳᠠᠭᠰᠠᠨ ᠲᠠᠭᠤᠤ᠂ ᠪᠠᠶᠢᠭᠠᠯᠢ ᠪᠠᠨ ᠮᠠᠭᠳᠠᠭᠰᠠᠨ ᠲᠠᠭᠤᠤ ᠵᠡᠷᠭᠡ ᠲᠦᠷᠦ ᠶᠢᠨ | ᠭᠤᠷᠪᠠᠨ ᠲᠠᠭᠤᠤ ᠡᠷᠬᠦᠭᠰᠡᠨ ᠬᠤᠶᠢᠨ᠎ᠠ ᠰᠠᠢᠢ ᠨᠠᠶᠢᠷ ᠤᠨ ᠪᠤᠰᠤᠳ ᠲᠠᠭᠤᠤ ᠲᠠᠭᠤᠯᠠᠵᠦ ᠨᠠᠶᠢᠷᠯᠠᠳᠠᠭ︾ ᠭᠡᠮᠡᠨ | ᠵᠢᠭᠳᠡᠩᠭᠡ ᠨᠠᠰᠤᠳᠠᠨ ᠴᠠᠬᠠᠷ ᠰᠤᠶᠤᠯ ᠤᠨ ᠦᠪᠡᠷᠮᠢᠴᠡ ᠤᠨᠴᠠᠯᠢᠭ᠂ ᠠᠰᠠᠷ ᠬᠦᠭᠵᠢᠮ ᠤᠨᠡᠷᠬᠢᠮ ᠲᠡᠭᠡᠳᠤ ᠪᠠᠶᠢᠳᠠᠭ ᠢ | ᠲᠠᠨᠢᠯᠴᠠᠭᠤᠯᠤᠭᠠᠳ ᠲᠡᠬᠦᠨ ᠢ ᠠᠭᠤᠳᠠᠯᠵᠤ ᠴᠤᠭᠯᠠᠭᠤᠯᠵᠤ ᠤᠯᠠᠮᠵᠢᠯᠠᠵᠤ ᠵᠠᠯᠭᠠᠮᠵᠢᠯᠠᠭᠰᠠᠠ ᠲᠤᠬᠠᠢ ᠰᠡᠳᠬᠢᠯ | ᠬᠡᠵᠢᠭᠡᠳᠡᠮᠡ ᠦᠯᠢᠬᠡᠷ ᠠᠴᠠ ᠪᠠᠨ ᠶᠠᠷᠢᠯ᠎ᠠ᠃ | ᠵᠢᠭᠳᠡᠩᠭᠡ ᠶᠢᠨ ᠨᠤᠲᠤᠭ ᠪᠤᠯ ᠤᠤᠯ ᠤᠨ ᠬᠦᠯᠦ ᠰᠢᠷ᠎ᠠ ᠬᠤᠰᠢᠭᠤᠨ ᠤ ᠠᠷᠪᠠᠳᠤᠭᠠᠷ ᠰᠤᠮᠤ᠂ ᠤᠳᠤ ᠶᠢᠨ | ᠪᠠᠶᠠᠨᠴᠠᠭᠠᠨ ᠪᠠᠯᠭᠠᠰᠤᠨ ᠤ ᠠᠮᠠᠨᠬᠤᠳᠳᠤᠭ ᠭᠠᠴᠠᠭ᠎ᠠ ᠪᠠᠶᠢᠯ᠎ᠠ᠃ ᠠᠷᠪᠠᠨ ᠨᠠᠰᠤᠲᠠᠢ ︵1955 ᠤᠨ︶ ᠳᠤ ᠪᠠᠨ ᠲᠡᠷᠡ | ᠠᠪᠤ ᠪᠤᠯᠤᠨᠠᠪᠤ ᠶᠢᠨ ᠬᠢᠨᠢ ᠨᠠᠭᠠᠴᠤ ᠪᠤᠯᠬᠤ ᠳ᠋ᠧ ᠸᠠᠩ ᠤᠨ ᠤᠷᠳᠤᠨ ᠤ ᠬᠦᠭᠵᠢᠮ ᠤᠨ ᠪᠦᠯᠬᠦᠮ ᠳᠤ ᠪᠠᠶᠢᠭᠰᠠᠠ | ᠨᠢᠩᠪᠦ ᠭᠡᠭᠴᠢ ᠬᠦᠮᠦᠨ ᠤ ᠲᠠᠲᠠᠭᠰᠠᠠ ᠠᠳᠤᠭᠤᠴᠢᠨ ᠠᠰᠠᠷ᠂ ᠬᠦᠯᠦ ᠴᠠᠭᠠᠨ ᠠᠰᠠᠷ᠂ ᠰᠦᠷᠦᠭ ᠠᠰᠠᠷ ᠵᠡᠷᠭᠡ | ᠬᠦᠭᠵᠢᠮ ᠢ ᠠᠩᠬ᠎ᠠ ᠰᠤᠨᠤᠰᠴᠤ ᠶᠡᠬᠡᠲᠡ ᠪᠠᠭ᠋ᠠᠷᠬᠠᠭᠠᠳ ᠠᠷᠪᠠᠨ ᠳᠦᠷᠪᠡᠨ ᠨᠠᠰᠤᠲᠠᠢ ᠳᠤ ᠪᠡᠨᠠᠰᠠᠷ ᠬᠦᠭᠵᠢᠮ ᠢ | ᠬᠤᠭᠤᠷᠲᠠᠵᠤ ᠲᠠᠲᠠᠵᠤ ᠰᠤᠷᠤᠭᠰᠠᠠ ᠭᠡᠨ᠎ᠡ᠃ ᠲᠡᠷᠡ ᠦᠶᠡᠰ ᠶᠠᠭᠤᠮ᠎ᠠ ᠬᠤᠪᠤᠷ ᠡᠳ᠋ ᠮᠦᠡᠭᠭᠦ ᠬᠦᠷᠦᠯᠴᠡᠭᠡ ᠦᠭᠡᠢ | ᠪᠤᠯᠬᠤᠷ ᠠᠪᠤ ᠨᠢ ᠬᠤᠨᠢᠨᠤ ᠨᠠᠷᠢᠨ ᠭᠡᠳᠡᠰᠦ ᠶᠢ ᠬᠡᠳᠦᠨ ᠡᠳᠤᠷ ᠤᠰᠤᠨ ᠳᠤ ᠲᠡᠪᠲᠥᠭᠡᠵᠦ ᠪᠠᠶᠢᠵᠤ ᠱᠠᠭᠠᠯᠠᠵᠦ | ᠠᠪᠤᠭᠰᠠᠠ ᠬᠠᠯᠢᠰᠤ ᠪᠠᠷ ᠬᠤᠭᠤᠷ ᠤᠨᠤᠳᠠᠰᠤ ᠪᠤᠯᠭᠠᠨ ᠬᠤᠭᠤᠷ ᠬᠢᠵᠤ ᠦᠭᠭᠦᠭᠰᠡᠡ ᠭᠡᠳᠡᠭ᠃1982 ᠤᠨ ᠳᠤ | ᠬᠤᠰᠢᠭᠤᠨ ᠤ ᠨᠠᠮ ᠤᠨ ᠲᠡᠤᠬᠡ ᠰᠤᠳᠤᠯᠬᠤ ᠠᠯᠪᠠᠨ ᠭᠡᠷ ᠲᠤ ᠠᠵᠢᠯ ᠠᠯᠪᠠ ᠲᠠᠢ ᠪᠠᠶᠢᠭᠰᠠᠠ ᠲᠡᠷᠡ ᠪᠠᠷ 1947 | ᠤᠨ ᠳᠤ ᠪᠤᠯᠤᠭᠰᠠᠨ ᠬᠠᠶ᠋ᠢᠩᠬᠢᠷᠸ᠎ᠠ ᠰᠦᠮ᠎ᠡ ᠪᠤᠯᠤᠨ ᠪᠠᠳᠮᠠᠲᠥ ᠶᠢᠨ ᠰᠦᠮ᠎ᠡ ᠶᠢᠨ ᠪᠠᠶᠢᠯᠳᠤᠭᠠᠨ ᠤ ᠲᠤᠬᠠᠢ | ᠮᠠᠲ᠋ᠧᠷᠢᠶᠠᠯ ᠴᠤᠭᠯᠠᠭᠤᠯᠬᠤ ᠪᠠᠷ ᠤᠯᠠᠭᠠᠨᠬᠠᠳᠠ ᠰᠤᠮᠤᠨ ᠳᠤ ᠪᠠᠶᠢᠭ᠎ᠠ ᠨᠠᠶᠠ ᠬᠦᠷᠦᠭᠰᠡᠨ ᠭᠡᠭᠡᠨ ᠤ ᠳᠤ ᠬᠦᠷᠴᠠᠢ᠃ | ᠡᠨᠡ ᠬᠦᠮᠦᠨᠤᠤᠯ ᠨᠢ ᠭᠤᠮᠢᠨᠳᠠᠩ ᠤᠨᠴᠡᠷᠢᠭ ᠲᠤ ᠪᠠᠶᠢᠭᠰᠠᠨ ᠪᠥᠭᠡᠳ ᠬᠤᠵᠢᠮ ᠨᠢ ᠠᠷᠪᠠᠭᠠᠳ ᠵᠢᠯ ᠱᠤᠷᠤᠩ ᠳᠤ | ᠰᠠᠭᠤᠭᠰᠠᠠ ᠢᠶᠠᠷ ᠲᠡᠤᠭᠡᠨ ᠶᠠᠪᠤᠳᠠᠯ ᠤᠨ ᠲᠤᠬᠠᠢ ︽ᠠᠮᠠᠨ ᠠᠴᠠ ᠪᠠᠨ ᠠᠯᠲᠠ ᠤᠨᠠᠭᠠᠬᠤ ᠥᠭᠡᠢ︾ ᠭᠡᠰᠡᠨ ᠰᠢᠭ | ᠶᠠᠭᠤ ᠴᠤ ᠶᠠᠷᠢᠬᠤ ᠦᠭᠡᠢ ᠪᠠᠶᠢᠪᠠ᠃ ᠬᠠᠨᠠᠨ ᠳᠤ ᠡᠯᠬᠦᠬᠡᠰᠦᠳᠡᠢ ᠲᠦᠷᠪᠡᠨ ᠴᠢᠬᠢᠲᠥ ᠬᠤᠭᠤᠷ ᠢ ᠨᠢ | ᠬᠠᠷᠠᠭᠠᠳᠵᠢᠭᠳᠡᠩᠭᠡ ᠦᠬᠡᠨ ᠤ ᠭᠤᠭᠴᠤᠭ᠎ᠠ ᠡᠷᠢᠨ ︽ᠬᠤᠭᠤᠷ ᠲᠠᠳᠠᠳᠠᠭ ᠤᠤ︖︾ ᠭᠡᠬᠦ ᠪᠠᠷ᠂ ᠭᠡᠭᠡᠨ | ᠪᠠᠭᠰᠢ ᠶᠢᠨ ᠤᠷᠮᠠᠰ ᠰᠡᠷᠭᠦᠵᠤ ︽ᠵᠠᠯᠠᠭᠤ ᠳᠠᠭᠠᠨ ᠰᠦᠮ᠎ᠡ ᠳᠤ ᠪᠠᠶᠢᠬᠤ ᠳᠠᠭᠠᠨ ᠲᠠᠳᠠᠵᠦ ᠪᠠᠶᠢᠭᠰᠠᠨ︾ ᠭᠡᠳ | ᠵᠠᠯᠭᠠᠪᠠᠷ 11 ᠠᠰᠠᠷ ᠬᠦᠭᠵᠢᠮ ᠲᠠᠳᠠᠵᠦ ᠦᠭᠭᠦᠭᠰᠡᠡ ᠪᠠᠶᠢᠪᠠ᠃ ᠡᠬᠦᠨ ᠢ ᠵᠢᠭᠳᠡᠩᠭᠡ ᠰᠢᠩᠭᠡᠭᠡᠬᠦ ᠮᠠᠰᠢᠨ ᠳᠠᠭᠠᠨ | ᠰᠢᠩᠭᠡᠭᠡᠨ ᠠᠪᠴᠤ᠂ ᠠᠪᠤ ᠪᠤᠯᠤᠨᠠᠪᠤ ᠶᠢᠨ ᠢᠶᠠᠨ ᠨᠠᠭᠠᠴᠦ ᠠᠴᠠ ᠰᠤᠷᠤᠭᠠᠳ ᠪᠠᠶᠢᠭᠰᠠᠠ 7 ᠠᠰᠠᠷ ᠬᠦᠭᠵᠢᠮ ᠤᠨ | ᠳᠡᠭᠡᠷ᠎ᠡ ᠪᠠᠰᠠᠠᠷᠪᠠᠨ ᠨᠢᠭᠡ ᠨᠡᠮᠡᠭᠳᠡᠭᠰᠡᠨᠳᠤ ᠠᠰᠠᠷ ᠬᠦᠭᠵᠢᠮ ᠤᠯᠠᠨ ᠪᠠᠶᠢᠳᠠᠭ ᠶᠤᠮ ᠪᠠᠶᠢᠨ᠎ᠠ ᠭᠡᠰᠡᠨ ᠰᠡᠳᠭᠢᠭᠳᠡᠯ | ᠤᠷᠤᠵᠤ᠂ ᠰᠠᠨᠠᠭᠠᠨ ᠳᠤ ᠦᠬᠡᠢ ᠪᠠᠷ ᠠᠰᠠᠷ ᠬᠦᠭᠵᠢᠮᠤᠨ ᠲᠤᠬᠠᠢ ᠡᠶᠢᠮᠦ ᠤᠯᠠᠨ ᠠᠩᠬᠠᠨ ᠤ ᠪᠤᠷᠤ | ᠮᠠᠲ᠋ᠧᠷᠢᠶᠠᠯᠤᠯᠤᠬᠰᠠᠨ ᠳᠠᠭᠠᠨ ᠶᠡᠭᠡ ᠯᠡ ᠤᠯᠵᠠᠭᠤᠷᠬᠠᠭᠰᠠᠨ ᠪᠠᠶᠢᠵᠠᠢ᠃ ᠭᠡᠪᠡᠴᠤ ᠠᠵᠢᠯ ᠠᠯᠪᠠ ᠭᠡᠵᠤ | ᠶᠠᠭᠠᠷᠠᠭᠰᠠᠭᠠᠷ ᠪᠠᠶᠢᠵᠤ 1998 ᠤᠨ ᠤ ᠦᠶ᠎ᠡ ᠬᠥᠷᠥᠭᠡᠳ ᠲᠡᠷᠡ ᠰᠠᠢᠢ 11 ᠠᠰᠠᠷ ᠬᠦᠭᠵᠢᠮ ᠢᠶᠠᠨ ᠨᠤᠲ | ᠲᠡᠭᠡᠷ ᠡ ᠪᠠᠭᠤᠯᠭᠠᠬᠤ ᠪᠠᠷ ᠡᠬᠢᠯᠡᠵᠤ ᠤᠷᠤᠯᠳᠤᠵᠠᠢ᠃ ᠪᠠᠭ᠎ᠠ ᠰᠤᠷᠭᠠᠭᠤᠯᠢ ᠳᠤ ᠵᠢᠭᠠᠬᠠᠨ ᠰᠤᠷᠤᠭᠰᠠᠠ ᠪᠦᠤᠷ ᠲᠦᠤᠷ | ᠡᠷᠬᠢᠴᠡᠬᠦᠯᠦᠯ ᠢᠶᠠᠷ ᠢᠶᠠᠨ ᠠᠶᠠᠯᠭᠤ ᠨᠤᠲ ᠢ ᠳᠠᠬᠢᠨ ᠰᠤᠷᠴᠤ ᠪᠠᠶᠢᠵᠤ ᠨᠤᠲ ᠤᠨ ᠮᠡᠳᠡᠯᠭᠡ ᠶᠢ ᠡᠵᠡᠮᠰᠢᠭᠡᠳ | 11ᠠᠰᠠᠷ ᠬᠦᠭᠵᠢᠮ ᠢᠶᠠᠨ ᠪᠦᠬᠦᠨᠢ ᠨᠤᠲ ᠢᠶᠠᠷ ᠪᠠᠭᠤᠯᠭᠠᠪᠠ᠃ ᠡᠨᠡ ᠰᠠᠭᠤᠷᠢᠨ ᠲᠡᠭᠡᠷ᠎ᠡ ᠪᠠᠨ ᠲᠡᠷᠡ ᠠᠰᠠᠷ | ᠬᠦᠭᠵᠢᠮ ᠤᠨ ᠲᠤᠬᠠᠢ ᠨᠤᠮ ᠭᠠᠷᠭᠠᠶ᠎ᠠ ᠭᠡᠰᠡᠨ ᠪᠤᠳᠤᠯ ᠢᠶᠠᠷ ᠴᠠᠬᠠᠷ ᠤᠨ ᠡᠯ᠎ᠡ ᠬᠤᠰᠢᠭᠤᠳ ᠤᠨ ᠠᠷᠠᠳ ᠤᠨ | ᠤᠷᠠᠯᠢᠭᠴᠢᠳ ᠢ ᠡᠷᠢᠨ ᠰᠤᠷᠪᠤᠯᠵᠢᠯᠠᠵᠤ ᠪᠠᠶᠢᠭᠠᠳ 47 ᠠᠰᠠᠷ ᠬᠦᠭᠵᠢᠮ ᠤᠨ ᠮᠠᠲ᠋ᠧᠷᠢᠶᠠᠯ ᠢ ᠬᠤᠷᠠᠮᠳᠤᠭᠤᠯᠤᠭᠰᠠᠠ | ᠠᠵᠢ᠃ | 2003 ᠤᠨ ᠠᠴᠠ ᠦᠪᠡᠷᠲᠡᠭᠡᠨ ᠵᠠᠰᠠᠬᠤ ᠤᠷᠤᠨ ᠠᠴᠠ ᠭᠠᠷᠭᠠᠭᠰᠠᠠ ᠦᠨᠳᠦᠰᠦᠲᠡᠨ ᠤ | ᠰᠤᠶᠤᠯ ᠤᠨ ᠲᠤᠮᠤ ᠤᠷᠤᠨ ᠢ ᠪᠠᠶᠢᠭᠤᠯᠬᠤ ᠲᠤᠷᠠᠳᠤᠯᠭ᠎ᠠ ᠳᠤ ᠤᠷᠮᠠᠰᠢᠭᠰᠠᠠ ᠵᠢᠭᠳᠡᠩᠭᠡ ᠬᠤᠰᠢᠭᠤᠨ ᠤ | ᠤᠳᠤᠷᠢᠳᠤᠯᠭ᠎ᠠ ᠳᠤ ᠪᠠᠨ ᠴᠠᠬᠠᠷ ᠰᠤᠶᠤᠯ ᠢ ᠤᠯᠠᠮᠵᠢᠯᠠᠵᠤ ᠵᠠᠯᠭᠠᠮᠵᠢᠯᠠᠬᠤ ᠠᠵᠢᠯ ᠦᠷᠨᠢᠬᠦᠯᠦᠶᠡ ᠭᠡᠬᠦ ᠲᠤᠷᠠᠳᠤᠯᠭ᠎ᠠ | ᠭᠠᠷᠭᠠᠭᠰᠠᠠ ᠪᠠᠶᠢᠯ᠎ᠠ᠃ ᠡᠨᠡ ᠲᠤᠷᠠᠳᠤᠯᠭ᠎ᠠ ᠨᠢ ᠬᠤᠰᠢᠭᠤᠨ ᠤ ᠤᠳᠤᠷᠢᠳᠤᠯᠭ᠎ᠠ ᠲᠡᠳᠦᠢ ᠦᠭᠡᠢ ᠬᠤᠲᠠ ᠶᠢᠨ | ᠬᠠᠮᠢᠶ᠎ᠠ ᠪᠦᠬᠦᠢ ᠤᠳᠤᠷᠢᠳᠤᠯᠭ᠎ᠠ ᠶᠢᠨ ᠬᠦᠨᠳᠦᠳᠭᠡᠯ ᠳᠤ ᠬᠦᠷᠴᠤ᠂ 2005᠂ 2006 ᠤᠨ ᠳᠤ | ᠬᠤᠲᠠ ᠶᠢᠨ ᠬᠢᠨ ᠴᠠᠬᠠᠷ ᠰᠤᠶᠤᠯ ᠤᠨᠶᠠᠷᠢᠯᠴᠠᠬᠤ ᠬᠤᠷᠠᠯ ᠢ ᠵᠠᠯᠭᠠᠪᠠᠷ ᠡᠷᠬᠢᠯᠡᠨ ᠶᠠᠪᠤᠭᠳᠠᠭᠤᠯᠤᠭᠰᠠᠠ ᠪᠠᠶᠢᠪᠠ᠃ | 2008 ᠤᠨ ᠳᠤ ᠵᠢᠭᠳᠡᠩᠭᠡ ᠰᠢᠯᠤᠭᠤᠨ ᠬᠦᠬᠡ ᠬᠤᠰᠢᠭᠤᠨ ᠳᠤ ᠪᠣᠯᠣᠭᠰᠡᠨ ︽ᠠᠰᠠᠷ︾ ᠢᠵᠠᠭᠤᠷ ᠤᠷᠠᠯᠢᠭ ᠤᠨ | ᠰᠤᠳᠤᠯᠤᠨ ᠶᠠᠷᠢᠯᠴᠠᠬᠤ ᠬᠤᠷᠠᠯ ᠳᠤ ᠤᠷᠢᠭᠳᠠᠨ ᠤᠷᠤᠯᠴᠠᠵᠤ᠂ ᠵᠠᠷᠢᠮ ᠡᠷᠳᠡᠮᠲᠡᠨ ᠤ ᠲᠤᠷᠠᠳᠤᠭᠰᠠᠠ ︽ᠠᠰᠠᠷ | ᠬᠦᠭᠵᠢᠮ 8 ᠪᠠᠶᠢᠨ᠎ᠠ᠂ ᠴᠠᠬᠠᠷ ᠤᠨ ᠰᠦᠷᠦᠭ ᠤᠨ ᠬᠤᠰᠢᠭᠤᠨ ᠳᠤ ᠪᠠᠶᠢᠨ᠎ᠠ᠂ ᠵᠠᠭᠤᠭᠠᠳ ᠵᠢᠯ ᠤᠨ ᠲᠡᠤᠬᠡ ᠲᠠᠢ | ᠪᠤᠯᠵᠤ ᠪᠠᠶᠢᠨ᠎ᠠ᠁︾ ᠭᠡᠬᠦ ᠵᠡᠷᠭᠡ ᠶᠢᠨ ᠦᠵᠡᠯᠲᠡ ᠶᠢ ᠨᠢᠴᠤᠭᠠᠵᠤ᠂ ᠠᠰᠠᠷ ᠬᠦᠭᠵᠢᠮ ᠠᠳᠠᠭ ᠲᠤ ᠪᠠᠨ47 | ᠪᠤᠢ᠂ ᠤᠷᠳᠤᠨ ᠤ ᠬᠦᠭᠵᠢᠮ ᠤᠨ ᠬᠤᠪᠢᠷᠠᠭᠤᠯᠬᠤ ᠠᠷᠭ᠎ᠠ ᠪᠠᠷ ᠪᠤᠯ ᠵᠠᠭᠤ ᠢᠯᠡᠬᠦᠦ ᠠᠰᠠᠷ ᠪᠠᠶᠢᠵᠤ ᠮᠠᠭᠠᠳ | ᠪᠦᠭᠡᠳ ᠴᠠᠬᠠᠷ ᠤᠨ ᠬᠤᠰᠢᠭᠤ ᠪᠤᠯᠭᠠᠨ ᠳᠤ ᠠᠰᠠᠷ ᠬᠦᠭᠵᠢᠮ ᠲᠠᠢ᠃ ᠲᠡᠷᠡ ᠨᠢ ᠢᠵᠠᠭᠤᠷ ᠠᠶᠠᠯᠭᠤ ᠪᠢᠰᠢ ᠬᠠᠷᠢᠨ | ᠶᠤᠸᠠᠨ ᠤᠯᠤᠰᠤᠨ ᠦᠶ᠎ᠡ ᠶᠢᠨ ᠤᠷᠳᠤᠨ ᠤ ᠬᠦᠭᠵᠢᠮ ᠪᠤᠯᠤᠨ᠎ᠠ ᠭᠡᠳᠡᠭ ᠰᠢᠨ᠎ᠡ ᠥᠵᠡᠯᠲᠡ ᠪᠠᠨ | ᠳᠤᠷᠠᠳᠤᠭᠠᠳᠤᠯᠠᠨ ᠤ ᠠᠩᠬᠠᠷᠤᠯ ᠢ ᠲᠠᠲᠠᠭᠰᠠᠠ ᠪᠠᠶᠢᠪᠠ᠃ ᠠᠯᠲᠠᠷᠲᠦ ᠠᠶᠠᠯᠭᠤ ᠵᠤᠬᠢᠶᠠᠭᠴᠢ ᠮᠡᠷᠭᠡᠵᠢᠬᠦ ᠭᠤᠸᠠᠢ᠄ | ︽ᠡᠶᠢᠮᠦ ᠤᠯᠠᠨ ᠮᠠᠲ᠋ᠧᠷᠢᠶᠠᠯ ᠴᠤᠭᠯᠠᠭᠤᠯᠴᠢᠬᠠᠭᠰᠠᠨ ᠶᠤᠮ ᠴᠢᠨᠢ ᠴᠢᠨᠠᠭᠰᠢ ᠬᠦᠨᠵᠡᠬᠡᠶᠢᠷᠡᠬᠦᠯᠦᠨ ᠰᠤᠳᠤᠯᠤᠭᠠᠷᠠᠢ︕︾ | ᠭᠡᠵᠦ ᠰᠠᠨᠠᠭᠤᠯᠤᠭᠰᠠᠨ ᠪᠠᠶᠢᠯ᠎ᠠ᠃ ᠡᠬᠦᠨ ᠤ ᠳᠠᠷᠠᠭᠠᠪᠠᠷ ᠳᠡᠷᠡ ᠠᠰᠠᠷ ᠬᠦᠭᠵᠢᠮ ᠤᠨ ᠮᠠᠲ᠋ᠧᠷᠢᠶᠠᠯ ᠬᠤᠷᠠᠮᠳᠤᠭᠤᠯᠵᠦ | ᠪᠠᠶᠢᠭᠰᠠᠨ ᠠᠴᠠ ᠪᠠᠨ ᠰᠤᠳᠤᠯᠬᠤ ᠱᠠᠳᠤᠨ ᠳᠤ ᠰᠢᠯᠵᠢᠭᠰᠡᠡ ᠠᠵᠢ᠃ 2009 ᠤᠨ ᠳᠤ ᠲᠡᠷᠡ ᠬᠤᠰᠢᠭᠤᠨ ᠤ ᠪᠠᠨ | ︽ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ︾ ᠢ ᠪᠠᠶᠢᠭᠤᠯᠤᠨ ᠨᠡᠶᠢᠭᠡᠮᠯᠢᠭ ᠤᠨ ᠳᠡᠳ᠋ ᠳᠠᠷᠤᠭ᠎ᠠ᠂ ᠬᠡᠷᠡᠭ | ᠡᠷᠬᠢᠯᠡᠭᠴᠢᠳ ᠤᠨ ᠳᠠᠷᠤᠭ᠎ᠠ ᠪᠤᠯᠵᠤ ᠪᠤᠲᠠᠲᠠᠢ ᠠᠵᠢᠯ ᠢ ᠬᠠᠷᠢᠭᠤᠴᠠᠨ ᠬᠢᠭᠡᠳ ᠤᠳᠤ ᠶᠢ ᠬᠦᠷᠴᠤ ᠪᠠᠶᠢᠭ᠎ᠠ | ᠪᠦᠭᠡᠳ ᠦᠪᠦᠷ ᠮᠤᠩᠭᠤᠯᠤᠨ ᠠᠷᠠᠳ ᠤᠨ ᠤᠷᠠᠯᠢᠬᠴᠢᠳ ᠤᠨ ᠨᠡᠶᠢᠭᠡᠮᠯᠢᠭ ᠤᠨ ᠭᠡᠰᠢᠭᠦᠨ᠂ ᠵᠢᠨᠢᠩ ᠤᠨ ᠪᠠᠭᠰᠢ ᠶᠢᠨ | ᠳᠡᠭᠡᠲᠦ ᠰᠤᠷᠭᠠᠭᠤᠯᠢ ᠶᠢᠨ ᠴᠠᠬᠠᠷ ᠰᠤᠶᠤᠯ ᠰᠤᠳᠤᠯᠬᠤ ᠭᠠᠵᠠᠷ ᠤᠨ ᠵᠦᠪᠯᠡᠭᠴᠢ ᠪᠤᠯᠪᠠ᠃ | ᠲᠡᠷᠡ ᠨᠤᠲ ᠢ ᠰᠢᠨᠵᠢᠨ ᠬᠤᠭᠤᠷ ᠢᠶᠠᠨ ᠲᠠᠳᠠᠨ ᠰᠤᠳᠤᠯᠤᠭᠰᠠᠭᠠᠷ ᠪᠠᠶᠢᠵᠦ᠂ ᠠᠰᠠᠷ ᠬᠥᠭᠵᠢᠮ ᠤᠨ | ᠠᠶᠠᠯᠭᠤ ᠳᠤ ᠲᠦᠷᠪᠡᠨ ᠲᠠᠯ ᠠ ᠶᠢᠨ ᠤᠨᠴᠠᠯᠢᠭ ᠲᠠᠢ ᠪᠠᠶᠢᠬᠤ ᠶᠢ ᠢᠯᠡᠷᠡᠭᠦᠯᠵᠤ᠂ ᠠᠰᠠᠷ ᠬᠦᠭᠵᠢᠮ ᠪᠤᠯ ︽ᠳ᠋ᠤᠤ | ᠷᠤᠸᠠᠢ ᠮᠢ ᠰᠤᠤ ᠯᠠ︾ ᠭᠡᠬᠦ ᠲᠠᠪᠤᠨ ᠠᠶ᠎ᠠ ᠪᠠᠷ ᠪᠦᠷᠢᠯᠳᠦᠭᠰᠡᠨ᠂ ᠬᠠᠮᠤᠭ ᠥᠨᠳᠥᠷ ᠠᠶ᠎ᠠ ᠰᠤᠤ ᠠᠴᠠ ᠬᠠᠮᠤᠭ | ᠲᠤᠤᠷ᠎ᠠ ᠠᠶ᠎ᠠ ᠰᠤᠤ ᠬᠦᠷᠳᠡᠯ᠎ᠡ ᠠᠷᠪᠠᠨ ᠲᠠᠪᠤᠨ ᠠᠶ᠎ᠠ ᠲᠠᠢ︔ ᠠᠰᠠᠷ ᠬᠦᠭᠵᠢᠮ ᠨᠢ ᠬᠦᠬᠡᠮᠡᠢ ᠶᠢᠨ | ᠤᠨᠴᠠᠯᠢᠭ ᠲᠠᠢ ᠠᠳᠠᠯᠢ ᠪᠤᠯᠬᠤᠷ ᠬᠦᠬᠡᠮᠡᠢ ᠠᠴᠠ ᠢᠷᠡᠯᠳᠡ ᠲᠠᠢ᠂ ᠬᠦᠬᠡᠮᠡᠶᠢᠯᠡᠬᠦ ᠠᠷᠭ᠎ᠠ ᠨᠢ ᠵᠡᠭᠡᠰᠦᠨ ᠨᠠᠪᠴᠢ ᠶᠢ | ᠦᠯᠢᠶᠡᠵᠦ ᠲᠠᠭᠤ ᠭᠠᠷᠭᠠᠬᠤ ᠠᠴᠠ ᠢᠷᠡᠯ ᠲᠠᠢ ᠤᠴᠢᠷ᠂ ᠠᠰᠠᠷ ᠬᠦᠭᠵᠢᠮ ᠤᠨ ᠡᠬᠢ ᠡᠭᠦᠰᠦᠯ ᠨᠢ ᠵᠡᠭᠡᠰᠦᠨ | ᠨᠠᠪᠴᠢᠨ ᠬᠦᠭᠵᠢᠮ ᠪᠤᠯᠤᠨ᠎ᠠ︔ ᠠᠰᠠᠷ ᠬᠦᠭᠵᠢᠮ ᠤᠨ ᠲᠡᠮᠳᠡᠭᠯᠡᠬᠦ ᠠᠷᠭ᠎ᠠ ᠨᠢ ᠰᠤᠯᠠ᠂ ᠵᠠᠳᠠᠭᠠᠢ᠂ ᠰᠤᠯᠠ ᠵᠠᠳᠠᠭᠠᠢ | ᠭᠤᠷᠪᠠᠨ ᠬᠦᠭ ᠢᠶᠠᠷ ᠲᠡᠮᠳᠡᠭᠯᠡᠳᠡᠭ᠂ ᠡᠨᠡ ᠨᠢ ᠮᠤᠩᠭᠤᠯᠴᠤᠳ ᠤᠨ ᠮᠤᠷᠢᠨ ᠱᠤᠭᠰᠢᠭ᠎ᠠ ᠶᠢᠨ ᠴᠤᠬᠢᠯᠭ᠎ᠠ | ᠬᠦᠭ ᠢᠶᠠᠷ ᠲᠡᠮᠳᠡᠭᠯᠡᠳᠡᠭ ᠬᠦᠭ ᠠᠶᠠᠯᠭᠤ ᠪᠤᠯᠤᠨ᠎ᠠ ᠭᠡᠵᠤ ᠳᠤᠷᠠᠳᠤᠭᠰᠠᠨ ᠪᠠᠶᠢᠪᠠ᠃ | 2008 ᠤᠨ ᠠᠴᠠ ᠨᠠᠭᠠᠰᠢ ᠲᠡᠷᠡ ᠴᠠᠬᠠᠷ ᠰᠤᠶᠤᠯ ᠤᠨ ᠲᠤᠬᠠᠢ ᠬᠢᠲᠠᠳ᠂ ᠮᠤᠩᠭᠤᠯ ᠬᠡᠯᠡᠨ ᠤ ᠪᠤᠶᠤ | ᠬᠢᠲᠠᠳ ᠮᠤᠩᠭᠤᠯ ᠬᠤᠶᠠᠷ ᠬᠡᠯᠡ ᠬᠠᠪᠰᠤᠷᠭᠠᠭᠰᠠᠠ 8 ᠨᠤᠮ ᠪᠢᠴᠢᠨ ᠬᠡᠪᠯᠡᠭᠦᠯᠵᠤ ᠪᠠᠶᠢᠭ᠎ᠠ ᠪᠦᠭᠡᠳ ᠡᠭᠦᠨ ᠳᠤ ᠨᠢ | ︽ᠴᠠᠬᠠᠷ ᠠᠰᠠᠷ︾᠂ ︽ᠮᠤᠩᠭᠤᠯ ᠦᠨᠳᠦᠰᠦᠳᠡᠨ ᠤ ᠤᠷᠳᠤᠨ ᠤ ᠬᠦᠭᠵᠢᠮ — ᠠᠰᠠᠷ︾᠂ ︽ᠮᠤᠩᠭᠤᠯ | ᠦᠨᠳᠦᠰᠦᠳᠡᠨ ᠤ ᠰᠤᠩᠭᠤᠳᠠᠭ ᠬᠦᠭᠵᠢᠮ ᠪᠠ ᠪᠦᠬᠡᠷᠡᠩᠬᠡᠢ ᠱᠤᠭᠤᠮᠳᠤ ᠨᠤᠲ︾ ᠵᠡᠷᠭᠡ ᠠᠰᠠᠷ ᠬᠦᠭᠵᠢᠮ ᠤᠨ | ᠲᠤᠰᠬᠠᠢ ᠰᠤᠳᠤᠯᠭᠠᠨ ᠤ ᠪᠦᠲᠦᠭᠡᠯ 3 ᠪᠤᠢ᠃ ᠡᠳᠦᠭᠡ ᠲᠡᠷᠡ ᠠᠰᠠᠷ ᠬᠦᠭᠵᠢᠮ ᠢᠶᠠᠨ ᠨᠡᠩ ᠤᠯᠠᠨ ᠬᠦᠮᠦᠨ ᠳᠤ | ᠲᠠᠨᠢᠭᠤᠯᠵᠤ ᠠᠷᠠᠳ ᠤᠨ ᠲᠤᠮᠳᠠ ᠲᠦᠬᠡᠮᠡᠯ ᠳᠡᠯᠭᠡᠷᠡᠭᠦᠯᠬᠦ ᠭᠡᠮᠡᠨ ᠨᠢᠭᠡᠨᠲᠡ ᠨᠠᠶᠢᠷᠠᠭᠤᠯᠵᠤ ᠳᠠᠭᠤᠰᠬᠠᠭᠠᠳ | ᠪᠠᠶᠢᠭ᠎ᠠ ︽ᠲᠤᠮᠳᠠᠳᠤ ᠤᠯᠤᠰ ᠤᠨ ᠶᠤᠸᠠᠨ ᠤ ᠦᠶ᠎ᠡ ᠶᠢᠨ ᠰᠤᠩᠭᠤᠳᠠᠭ ᠶᠡᠭᠡ ᠠᠶᠠᠯᠭᠤ ᠬᠦᠭᠵᠢᠮ — ᠠᠰᠠᠷ︾ | ᠭᠡᠬᠦ ᠵᠦᠴᠦᠭᠡ ᠶᠢᠨ ᠡᠭᠡ ᠪᠢᠴᠢᠭ ᠢᠶᠠᠨ ᠲᠠᠶᠢᠰᠠᠨ ᠤ ᠤᠷᠠᠯᠢᠭ ᠪᠤᠯᠭᠠᠵᠤ ᠲᠤᠭᠯᠠᠭᠤᠯᠬᠤ ᠪᠠᠷ ᠴᠢᠷᠮᠠᠶᠢᠵᠤ | ᠪᠠᠶᠢᠨ᠎ᠠ᠃ | | | |