ᠱᠢ ᠮᠧᠨ ᠺᠸᠣ ᠣᠰᠣᠨ ᠴᠦᠬᠦᠷᠣᠮ
ᠨᠡᠶᠢᠲᠡᠯᠡᠭᠰᠡᠨ ᠴᠠᠭ᠄
2019-02-27
                          ᠱᠢ ᠮᠧᠨ ᠺᠸᠤ ᠤᠰᠤᠨ ᠴᠦᠬᠦᠷᠦᠮ       ᠱᠢ ᠮᠧᠨ ᠺᠸᠤ ᠤᠰᠤᠨ ᠴᠦᠬᠦᠷᠦᠮ ᠪᠤᠯ ᠦᠶᠡᠷ ᠰᠡᠷᠭᠡᠶᠢᠯᠡᠬᠦ ᠤᠰᠤᠯᠠᠯᠲᠠ ᠪᠠᠷ ᠭᠤᠤᠯ ᠪᠤᠯᠭᠠᠭᠰᠠᠨ᠂ ᠵᠢᠭᠤᠯᠴᠢᠯᠠᠯ᠂ ᠵᠢᠭᠠᠰᠤᠨ ᠠᠵᠤ ᠠᠬᠤᠢ ᠶᠢᠨ ᠲᠡᠵᠢᠬᠡᠨ ᠦᠷᠡᠵᠢᠬᠦᠯᠬᠦ ᠵᠢᠴᠢ ᠤᠯᠠᠨ ᠵᠤᠶᠢᠯ ᠤᠨ ᠡᠵᠡᠩᠨᠡᠯᠲᠠ ᠵᠡᠷᠭᠡ ᠶᠡᠷᠤᠩᠭᠡᠶᠢᠯᠠᠨ ᠠᠰᠢᠭᠯᠠᠭᠰᠠᠨ ᠨᠢᠬᠡ ᠳᠤᠮᠳᠠ ᠬᠡᠯᠪᠡᠷᠢ ᠶᠢᠨ ᠤᠰᠤᠨ ᠴᠦᠬᠦᠷᠦᠮ ᠮᠦᠨ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠤᠷᠤᠨ ᠬᠡᠪᠴᠢᠶᠡᠨ ᠳᠤᠲᠤᠷᠠᠬᠢ ᠬᠤᠵᠠᠷ ᠤᠨ ᠭᠤᠤᠯ ᠳᠡᠭᠡᠷ᠎ᠡ ᠪᠠᠶᠢᠷᠢᠰᠢᠵᠤ ᠪᠠᠶᠢᠨ᠎ᠠ᠂ ᠬᠤᠰᠢᠭᠤᠨ ᠤ ᠵᠠᠰᠠᠭ ᠤᠨ ᠤᠷᠳᠤᠨ ᠤ ᠪᠠᠶᠢᠭ᠎ᠠ ᠭᠠᠵᠠᠷ ᠪᠠᠶᠠᠨᠴᠠᠭᠠᠨ ᠪᠠᠯᠭᠠᠰᠤᠨ ᠠᠴᠠ ᠵᠡᠬᠦᠨ ᠡᠮᠤᠨ᠎ᠡ 15 ᠺᠢᠯᠤᠮᠧᠲᠷ ᠵᠠᠢ ᠲᠠᠢ᠂ ᠶᠡᠷᠤᠩᠭᠡᠢ ᠪᠠᠭᠲᠠᠭᠠᠮᠵᠢ ᠨᠢ 1469 ᠲᠦᠮᠡᠨ ᠺᠦᠪ ᠮᠧᠲᠷ᠂ ᠤᠰᠤᠨ ᠭᠠᠳᠠᠷᠭᠤ ᠨᠢ 3000 ᠢᠯᠡᠬᠦᠤ ᠮᠤ᠋᠂ ᠳᠤᠮᠳᠠᠴᠢ ᠬᠦᠨ ᠨᠢ 6 ᠮᠧᠲᠷ᠂ ᠵᠢᠯ ᠤᠨ ᠳᠤᠷᠰᠢ ᠬᠡᠯᠲᠡᠭᠡ᠂ ᠮᠦᠷᠬᠦ ᠵᠢᠭᠠᠰᠤ᠂ ᠠᠮᠤᠷ ᠵᠢᠭᠠᠰᠤ ᠵᠡᠷᠭᠡ ᠴᠡᠩᠭᠡᠭ ᠤᠰᠤᠨ ᠤ ᠵᠢᠭᠠᠰᠤ ᠶᠢ ᠲᠡᠵᠢᠬᠡᠵᠤ ᠪᠠᠶᠢᠨ᠎ᠠ᠂ ᠤᠰᠤᠨ ᠴᠦᠬᠦᠷᠦᠮ ᠤᠨ ᠬᠦᠪᠡᠭᠡ ᠪᠠᠷ ᠤᠢ ᠮᠤᠳᠤ ᠢᠭᠴᠤ ᠰᠠᠬᠤᠯᠢᠭ᠂ ᠠᠭᠤᠯᠠ ᠤᠰᠤ ᠬᠦᠷᠢᠶᠡᠯᠡᠨ᠂ ᠬᠦᠮᠦᠰ ᠢ ᠨᠢᠬᠡᠨ ᠡᠬᠡ ᠪᠠᠶᠢᠭᠠᠯᠢ ᠳᠤ ᠪᠠᠨ ᠡᠷᠬᠢᠵᠤ ᠪᠤᠴᠠᠭᠰᠠᠨ ᠲᠦᠷᠦᠭᠳᠡᠯ ᠤᠯᠭᠤᠨ᠎ᠠ᠃ ᠤᠰᠤᠨ ᠴᠦᠬᠦᠷᠦᠮ ᠤᠨ ᠤᠰᠤ ᠨᠢ ᠲᠤᠩᠭᠠᠯᠠᠭ ᠴᠡᠩᠭᠡᠭ᠂ ᠵᠤᠨ ᠨᠠᠮᠤᠷ  ᠤᠨ ᠤᠯᠠᠷᠢᠯ ᠳᠤ ᠪᠠᠨ ᠨᠤᠮᠢᠨ ᠳᠤᠯᠬᠢᠶᠠᠨ ᠬᠠᠶᠠᠯᠠᠵᠤ᠂ ᠤᠶᠢᠷ᠎ᠠ ᠬᠠᠪᠢ ᠶᠢᠨ ᠠᠭᠤᠯᠠ ᠮᠤᠲᠤ ᠲᠠᠢ ᠪᠠᠨ ᠬᠠᠮᠲᠤ ᠵᠢᠷᠤᠭ ᠮᠡᠳᠤ ᠰᠠᠶᠢᠬᠠᠨ ᠦᠩᠭᠡ ᠦᠵᠡᠮᠵᠢ ᠶᠢ ᠪᠦᠷᠢᠯᠳᠦᠬᠦᠯᠵᠠᠢ᠃      2006 ᠤᠨ ᠳᠤ᠂ ᠤᠰᠤᠨ ᠴᠦᠬᠦᠷᠦᠮ ᠡᠬᠢᠯᠡᠵᠤ ᠭᠤᠤᠯ ᠤᠨ ᠨᠠᠢᠮᠠᠯᠵᠢ ᠲᠡᠵᠢᠬᠡᠵᠤ ᠡᠬᠢᠯᠡᠪᠡ᠂ ᠲᠡᠵᠢᠬᠡᠭᠰᠡᠨ ᠭᠤᠤᠯ ᠤᠨ ᠨᠠᠢᠮᠠᠯᠵᠢ ᠨᠢ ᠪᠦᠳᠦᠬᠦᠨ᠂ ᠴᠢᠨᠠᠷ ᠨᠢ ᠰᠠᠶᠢᠨ᠂ ᠪᠤᠬᠢᠷᠳᠤᠯ ᠦᠬᠡᠢ ᠪᠠᠷ ᠦᠷᠭᠡᠨ ᠤᠯᠠᠨ ᠬᠡᠷᠡᠭᠯᠡᠭᠴᠢᠳ ᠤᠨ ᠬᠦᠷᠢᠶᠡᠯᠡᠯ ᠢ ᠤᠯᠵᠤ᠂ ᠵᠠᠬ᠎ᠠ ᠳᠡᠯᠭᠡᠬᠦᠷ ᠳᠡᠭᠡᠷ᠎ᠡ ᠬᠠᠩᠭᠠᠯᠭ᠎ᠠ ᠨᠢ ᠬᠡᠷᠡᠭᠴᠡᠭᠡᠨ ᠳᠤ ᠪᠠᠨ ᠬᠦᠷᠬᠦ ᠦᠬᠡᠢ ᠪᠤᠯᠪᠠ᠂ ᠲᠠᠯ᠎ᠠ ᠨᠤᠲᠤᠭ ᠳᠡᠭᠡᠷ᠎ᠡ ᠪᠠᠨ ᠲᠠ ᠪᠠᠰᠠ ᠠᠮᠲᠠᠲᠤ ᠰᠠᠶᠢᠬᠠᠨ ᠭᠤᠤᠯ ᠤᠨ ᠨᠠᠢᠮᠠᠯᠵᠢ ᠶᠢ ᠠᠮᠲᠠᠯᠠᠵᠤ ᠴᠢᠳᠠᠬᠤ ᠪᠤᠯᠵᠠᠢ᠃                                                    ᠤᠷᠴᠢᠭᠤᠯᠤᠭᠴᠢ᠄ ᠰᠡᠴᠡᠩᠭᠤᠸ᠎ᠠ
 
ᠢᠷᠡᠯᠲᠡ᠄ ᠴᠠᠬᠠᠷ ᠪᠠᠷᠠᠭᠤᠨ ᠭᠠᠷᠣᠨ ᠬᠤᠶᠢᠳᠦ ᠬᠤᠰᠢᠭᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号