ᠬᠤᠨᠳᠤ ᠨᠠᠭᠤᠷ ᠠᠮᠢ ᠠᠬᠤᠢ ᠶᠢᠨ ᠨᠠᠭᠤᠷ ᠤᠨ ᠵᠢᠭᠤᠯᠴᠢᠯᠠᠯ | | ᠬᠤᠨᠲᠤ ᠨᠠᠭᠤᠷ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠳᠤᠮᠳᠠ ᠬᠡᠰᠡᠭ ᠤᠨ ᠬᠤᠶᠠᠷ | ᠬᠤᠳᠳᠤᠭ ᠰᠤᠮᠣ ᠶᠢᠨ ᠳᠤᠲᠤᠭᠠᠳᠤ ᠤᠷᠤᠨ ᠳᠤ ᠪᠠᠶᠢᠷᠢᠰᠢᠵᠤ ᠪᠠᠶᠢᠨ᠎ᠠ᠂ ᠨᠠᠭᠤᠷ ᠤᠨ ᠭᠠᠳᠠᠷᠭᠤ ᠨᠢ12.6 | ᠲᠦᠮᠡ ᠺᠦᠸ᠋ᠳ᠋ ᠺᠢᠯᠤᠮᠧᠲᠷ᠂ ᠨᠠᠭᠤᠷ ᠤᠨ ᠬᠦᠪᠡᠭᠡ ᠪᠠᠷ ᠠᠭᠤᠯᠠ ᠬᠦᠷᠢᠶᠡᠯᠡᠨ᠎ᠡ᠂ ᠲᠡᠷᠲᠡᠭᠡ ᠬᠤᠯᠠ ᠤᠢ ᠮᠤᠳᠤ | ᠰᠦᠨᠳᠡᠷᠯᠡᠨ᠂ ᠡᠪᠡᠰᠤ ᠮᠤᠳᠤ ᠬᠠᠷᠢᠯᠴᠠᠨ ᠬᠤᠯᠢᠯᠳᠤᠨ᠎ᠠ᠂ ᠤᠶᠢᠷ᠎ᠠ ᠲᠠᠯ᠎ᠠ ᠳᠤ ᠡᠪᠡᠰᠤ ᠬᠡᠪᠢᠰ ᠰᠢᠭ ᠴᠡᠯᠬᠡᠮᠡ | ᠨᠤᠭᠤᠭᠠᠨ᠂ ᠬᠠᠴᠢᠨ ᠵᠤᠶᠢᠯᠡᠰ ᠤᠨ ᠴᠢᠯᠠᠭᠤ ᠲᠠᠢ ᠬᠠᠷᠢᠯᠴᠠᠨ ᠬᠤᠯᠢᠯᠳᠤᠨ᠎ᠠ᠂ ᠨᠠᠭᠤᠷ ᠤᠨ ᠣᠰᠣ ᠴᠡᠩᠭᠡᠷ ᠬᠦᠬᠡ | ᠲᠤᠩᠭᠠᠯᠠᠭ᠂ ᠨᠠᠭᠤᠷ ᠤᠨ ᠳᠤᠮᠳᠠ ᠬᠤᠨ ᠭᠠᠯᠠᠭᠤ᠂ ᠬᠠᠷᠬᠢᠷ᠎ᠠ᠂ ᠠᠯ ᠰᠡᠬᠦᠯ ᠪᠤᠯᠤᠨ ᠬᠡᠬᠡᠷ᠎ᠡ ᠶᠢᠨ ᠵᠡᠷᠯᠢᠭ | ᠨᠤᠭᠤᠰᠤ ᠵᠡᠷᠭᠡ ᠰᠦᠷᠦᠭᠯᠡᠨ ᠴᠡᠩᠭᠡᠯᠳᠤᠨᠠ᠂ ᠨᠢᠳᠤ ᠳᠠᠯᠪᠢᠨ ᠪᠠᠷᠠᠯᠠᠪᠠᠯ᠂ ᠵᠡᠭᠡᠰᠤ ᠤᠶᠠᠬᠠᠨ ᠰᠠᠯᠬᠢᠨ ᠤ | ᠦᠯᠢᠶᠡᠯᠲᠡ ᠲᠤᠤᠷ᠎ᠠ ᠨᠠᠮᠤᠭᠤᠬᠠᠨ ᠬᠠᠯᠢᠭᠤᠷᠠᠵᠤ᠂ ᠦᠵᠡᠭᠡᠳ ᠬᠠᠨᠤᠰᠢ ᠦᠬᠡᠢ ᠰᠠᠶᠢᠬᠠᠨ᠂ ᠦᠨᠡᠨ ᠬᠦ ︽ | ᠬᠤᠶᠢᠲᠤ ᠬᠡᠰᠡᠭ ᠲᠠᠬᠢ ᠪᠠᠶᠠᠨ ᠦᠷᠦᠴᠡᠨ ᠤ ᠭᠠᠵᠠᠷ ᠰᠢᠷᠦᠢ︾ ᠬᠡᠬᠦ ᠠᠯᠳᠠᠷ ᠲᠤ ᠪᠠᠨ ᠨᠡᠶᠢᠴᠡᠪᠡ᠂ ᠬᠤᠨᠳᠤ | ᠨᠠᠭᠤᠷ ᠪᠤᠯ ᠬᠦᠰᠡᠯ ᠰᠠᠨᠠᠭᠠᠨ ᠳᠤ ᠲᠠᠭᠠᠷᠠᠭᠰᠠᠨ ᠵᠢᠭᠤᠯᠴᠢᠯᠠᠯ ᠤᠨ ᠭᠤᠶᠤ ᠤᠷᠤᠨ ᠮᠦᠨ᠂ ᠬᠤᠨᠳᠤ ᠨᠠᠭᠤᠷ ᠠᠴᠠ | ᠡᠮᠤᠨᠡᠰᠢ ᠪᠠᠷᠠᠯᠠᠪᠠᠯ ᠱᠢ ᠮᠧᠨ ᠺᠸᠤ ᠤᠰᠤᠨ ᠴᠦᠬᠦᠷᠦᠮ ︽ᠮᠠᠯᠴᠢᠨ ᠠᠶᠢᠯ ᠤᠨ ᠪᠠᠶᠠᠰᠤᠯ︾ ᠵᠢᠭᠤᠯᠴᠢᠯᠠᠯ ᠤᠨ | ᠤᠷᠤᠨ᠂ ᠬᠤᠶᠢᠲᠤ ᠭᠡᠰᠡᠭ ᠲᠤ ᠪᠠᠨ ᠤᠯᠠᠭᠠᠨᠬᠠᠲᠠ᠂ ᠭᠠᠯᠲᠤ ᠠᠭᠤᠯᠠ ᠤᠨ ᠭᠠᠵᠠᠷ ᠰᠢᠨᠵᠢᠯᠡᠭᠡᠨ ᠤ ᠤᠷᠤᠨ ᠲᠠᠢ | ᠬᠦᠷᠰᠢᠯᠡᠵᠤ᠂ ᠨᠢᠬᠡᠨ ᠡᠮᠤᠨᠡᠰᠢ ᠬᠤᠶᠢᠰᠢ ᠰᠦᠯᠵᠢᠯᠳᠦᠭᠰᠡᠨ ᠠᠮᠢ ᠠᠬᠤᠢ ᠶᠢᠨ ᠵᠢᠭᠤᠯᠴᠢᠯᠠᠯ ᠤᠨ ᠪᠦᠰᠡ ᠢ | ᠪᠦᠷᠢᠯᠳᠦᠬᠦᠯᠪᠡ᠃ | ᠤᠷᠴᠢᠭᠤᠯᠤᠭᠴᠢ᠄ ᠰᠡᠴᠡᠩᠭᠤᠸ᠎ᠠ |