︽ᠴᠠᠪᠴᠢᠬᠤ ᠢᠯᠳᠦᠨ ᠤ ᠢᠷ ᠪᠤᠯᠤᠭᠰᠠᠨ᠂ ᠴᠠᠷᠭᠢ ᠲᠤᠭᠤᠯᠭᠠᠨ ᠤ ᠲᠠᠯ᠎ᠠ ᠪᠤᠯᠤᠭᠰᠠᠨ᠂ ᠪᠡᠭᠳᠡᠷ | ᠬᠤᠶᠠᠭ ᠤᠨ ᠬᠢᠨᠢ ᠦᠩᠬᠡ ᠪᠤᠯᠵᠤ᠂ ᠪᠡᠷᠬᠡ ᠴᠡᠷᠢᠭ ᠤᠨ ᠬᠢᠨᠢ ᠢᠷᠡᠭᠦᠯ ᠪᠤᠯᠤᠭᠰᠠᠨ ᠴᠠᠬᠠᠷ ᠲᠦᠮᠡᠨ︾ ᠬᠡᠮᠡᠨ ︽ | ᠰᠢᠷ᠎ᠠ ᠲᠤᠭᠤᠵᠢ︾ ᠳᠤ ᠪᠢᠴᠢᠭᠯᠡᠭᠰᠡᠨᠨ ᠪᠠᠶᠢᠳᠠᠭ᠃ ᠴᠠᠬᠠᠷ ᠲᠥᠮᠡᠨ ᠪᠤᠯ ᠡᠵᠡᠨ ᠬᠠᠭᠠᠨ ᠤ ᠰᠢᠳᠠᠷ ᠴᠡᠷᠢᠭ ᠠᠴᠠ | ᠭᠠᠷᠤᠯ ᠲᠠᠢ ᠮᠤᠩᠭᠤᠯ ᠦᠨᠳᠦᠰᠦᠲᠡᠨ ᠤ ᠭᠤᠤᠯ ᠠᠶᠢᠮᠠᠭ ᠪᠦᠯᠦᠭ ᠤᠨ ᠨᠢᠬᠡ ᠪᠤᠯᠤᠨ᠎ᠠ᠃ | ᠦᠨᠦ ᠪᠤᠯᠬᠤ ᠳᠤ᠂ ᠴᠠᠬᠠᠷᠴᠤᠳ ᠳᠡᠯᠡᠬᠡᠢ ᠶᠢᠨ 22 ᠤᠯᠤᠰ ᠤᠷᠤᠨ ᠵᠢᠴᠢ ᠤᠯᠤᠰ ᠤᠨ | ᠳᠤᠲᠤᠭᠠᠳᠥ ᠶᠢᠨ 18 ᠮᠤᠵᠢ᠂ ᠦᠪᠡᠷᠲᠡᠭᠡᠨ ᠵᠠᠰᠠᠬᠤ ᠤᠷᠤᠨ ᠢᠶᠠᠷ ᠲᠠᠷᠬᠠᠨ ᠰᠠᠭᠤᠷᠢᠰᠢᠵᠤ ᠪᠠᠶᠢᠨ᠎ᠠ᠃ ᠤᠷᠲᠤ | ᠬᠤᠭᠤᠴᠠᠭᠠᠨ ᠤ ᠲᠤᠷᠰᠢ᠂ ᠴᠠᠬᠠᠷ ᠠᠶᠢᠮᠠᠭ ᠤᠨ ᠲᠡᠦᠬᠡ ᠰᠤᠶᠤᠯ ᠤᠨ ᠲᠤᠬᠠᠢ ᠰᠤᠳᠤᠯᠭᠠᠨ ᠨᠢ ᠲᠤᠳᠤᠭᠠᠲᠤ | ᠭᠠᠳᠠᠭᠠᠳᠤ ᠶᠢᠨ ᠡᠷᠳᠡᠮᠳᠡᠨ ᠰᠤᠳᠤᠯᠭᠠᠲᠠᠳ ᠤᠨ ᠠᠩᠬᠠᠷᠤᠯ ᠲᠠᠯᠪᠢᠭᠰᠠᠭᠠᠷ ᠢᠷᠡᠭᠰᠡᠨ ᠴᠢᠬᠤᠯᠠ ᠰᠤᠳᠤᠯᠭᠠᠨ ᠤ | ᠰᠡᠳᠦᠪ ᠪᠤᠯᠤᠨ ᠬᠥᠭᠵᠢᠵᠤ ᠪᠠᠶᠢᠭ᠎ᠠ ᠶᠤᠮ᠃ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨᠡᠴᠠ ᠨᠠᠰᠢ᠂ | ᠤᠷᠤᠨ ᠤ ᠲᠤᠲᠤᠨ᠎ᠠ ᠭᠠᠳᠠᠨᠠᠬᠢ ᠡᠷᠳᠡᠮᠳᠡᠨ ᠮᠡᠷᠭᠡᠳ ᠴᠠᠬᠠᠷ ᠲᠡᠦᠬᠡ ᠰᠤᠶᠤᠯ ᠢ ᠰᠤᠷᠪᠤᠯᠵᠢᠯᠠᠨ ᠬᠠᠶᠢᠬᠤ ᠪᠠ | ᠦᠪᠯᠡᠨ ᠤᠯᠠᠮᠵᠢᠯᠠᠬᠤ ᠡᠭᠦᠳᠡᠨ ᠠᠴᠠ ᠪᠦᠲᠦᠮᠵᠢᠲᠠᠢ ᠠᠵᠢᠯ ᠢ ᠡᠷᠴᠢᠮᠲᠠᠢ ᠶᠠᠪᠤᠭᠳᠠᠭᠤᠯᠵᠤ᠂ ᠤᠯᠠᠨ ᠨᠡᠶᠢᠲᠡ ᠶᠢᠨ | ᠠᠩᠬᠠᠷᠤᠯ ᠳᠤ ᠬᠥᠷᠥᠭᠰᠡᠨ ᠪᠥᠭᠡᠳ ︽ᠦᠨᠳᠦᠰᠦᠲᠡᠨ ᠤ ᠰᠤᠶᠤᠯ ᠤᠨ ᠬᠦᠴᠦᠷᠭᠡᠭ ᠤᠷᠤᠨ︾ ᠢ ᠪᠠᠶᠢᠭᠤᠯᠬᠤ | ᠪᠠᠶᠢᠯᠳᠤᠬᠤ ᠪᠤᠳᠤᠯᠭ᠎ᠠ ᠶᠢᠨ ᠳᠠᠶᠢᠴᠢᠨ ᠤᠷᠢᠶᠠᠯᠠᠭ᠎ᠠ ᠳᠤᠤᠷ᠎ᠠ᠂ ᠤᠯᠠᠭᠠᠨᠴᠠᠪ ᠤᠷᠤᠨ ᠳᠤ ᠴᠠᠬᠠᠷ ᠰᠤᠶᠤᠯ ᠤᠨ | ᠦᠪ ᠢᠶᠠᠨ ᠰᠤᠳᠤᠯᠤᠨ ᠬᠥᠭᠵᠢᠭᠦᠯᠬᠦ ᠴᠠᠬᠠᠷ ᠰᠤᠶᠤᠯ ᠤᠨ ᠰᠤᠳᠤᠯᠭᠠᠨ ᠤ ᠪᠠᠶᠢᠭᠤᠯᠤᠮᠵᠢ ᠰᠠᠯᠠᠭ᠎ᠠ ᠴᠤ ᠮᠠᠰᠢ | ᠰᠠᠶᠢᠨ ᠬᠥᠭᠵᠢᠯᠲᠡ ᠪᠠᠨ ᠤᠯᠤᠭᠰᠠᠨ ᠶᠤᠮ᠃ | 2005 ᠤᠨ ᠤ 7 ᠰᠠᠷ᠎ᠠ ᠳᠤ᠂ ᠤᠯᠠᠭᠠᠨᠴᠠᠪ ᠬᠤᠲᠠ ᠶᠢᠨ ᠵᠠᠰᠠᠭ ᠤᠨ ᠤᠷᠳᠤᠨ ᠠᠴᠠ ᠳᠤᠮᠳᠠᠲᠥ | ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠥᠷᠢᠶᠡᠯᠡᠩ᠂ ᠲᠥᠪ ᠤᠨ ᠨᠠᠮ ᠤᠨ ᠰᠤᠷᠭᠠᠭᠤᠯᠢ᠂ ᠪᠡᠭᠡᠵᠢᠩ | ᠶᠡᠭᠡ ᠰᠤᠷᠭᠠᠭᠤᠯᠢ᠂ ᠲᠥᠪ ᠤᠨ ᠥᠨᠳᠥᠰᠥᠲᠡᠨ ᠤ ᠶᠡᠭᠡ ᠰᠤᠷᠭᠠᠭᠤᠯᠢ᠂ ᠥᠪᠥᠷ ᠮᠤᠩᠭᠤᠯ ᠤᠨ ᠨᠡᠶᠢᠭᠡᠮ ᠤᠨ | ᠰᠢᠨᠵᠢᠯᠡᠬᠦ ᠤᠬᠠᠭᠠᠨ ᠤ ᠬᠥᠷᠢᠶᠡᠯᠡᠩ᠂ ᠥᠪᠥᠷ ᠮᠤᠩᠭᠤᠯ ᠤᠨ ᠶᠡᠭᠡ ᠰᠤᠷᠭᠠᠭᠤᠯᠢ ᠵᠡᠷᠭᠡ ᠪᠠᠶᠢᠭᠤᠯᠭ᠎ᠠ ᠨᠢᠭᠡᠴᠡᠶᠢᠨ | ᠬᠠᠮᠢᠶ᠎ᠠ ᠪᠥᠬᠦᠢ ᠡᠷᠳᠡᠮᠲᠡᠨ ᠰᠤᠳᠤᠯᠭᠠᠲᠠᠳ ᠢ ᠤᠷᠢᠨ ᠵᠠᠯᠠᠵᠤ᠂ ᠤᠯᠠᠭᠠᠨᠴᠠᠪ ᠬᠤᠲᠠᠶᠢᠨ ᠰᠤᠶᠤᠯ ᠤᠨ ᠨᠡᠷᠡᠲᠥ | ᠲᠡᠮᠳᠡᠭ ᠢ ᠡᠭᠦᠳᠬᠦ ᠠᠵᠢᠯ ᠤᠨ ᠬᠤᠷᠠᠯ ᠬᠤᠷᠠᠯᠳᠤᠭᠤᠯᠵᠤ ᠵᠥᠪᠯᠡᠭᠰᠡᠨ ᠤ ᠳ᠋ᠥᠩ ᠳᠤ᠂ ︽ᠴᠠᠬᠠᠷ ᠰᠤᠶᠤᠯ︾ ᠢ | ᠤᠯᠠᠭᠠᠨᠴᠠᠪ ᠬᠤᠲᠠ ᠶᠢᠨ ᠭᠤᠤᠯᠯᠠᠬᠤ ᠰᠤᠶᠤᠯ ᠤᠨ ᠲᠡᠮᠳᠡᠭ ᠪᠤᠯᠭᠠᠬᠤ ᠪᠠᠷ ᠲᠤᠭᠲᠠᠭᠰᠠᠨ ᠪᠠᠶᠢᠨ᠎ᠠ᠃ 2008 | ᠤᠨ ᠤ 12 ᠰᠠᠷ᠎ᠠ ᠳᠤ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ︽ᠴᠠᠬᠠᠷ ᠰᠤᠶᠤᠯ ᠤᠨ ᠰᠤᠳᠤᠯᠤᠨ | ᠠᠬᠢᠭᠤᠯᠬᠤ ᠨᠡᠶᠢᠭᠡᠮᠯᠢᠭ︾ ᠪᠠᠶᠢᠭᠤᠯᠤᠭᠳᠠᠨ᠂ ᠵᠠᠯᠭᠠᠭᠠᠳ ᠴᠠᠬᠠᠷ ᠪᠠᠷᠠᠭᠤᠨ ᠭᠠᠷᠤᠨ ᠡᠮᠦᠨᠡᠲᠤ ᠬᠤᠰᠢᠭᠤ ᠪᠤᠯᠤᠨ | ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠳᠤ ︽ᠴᠠᠬᠠᠷ ᠰᠤᠶᠤᠯ ᠤᠨ ᠰᠤᠳᠤᠯᠭᠠᠨ ᠤ ᠨᠡᠶᠢᠭᠡᠮᠯᠢᠭ︾ | ᠪᠠᠶᠢᠭᠤᠯᠤᠭᠳᠠᠵᠤ᠂ 2017 ᠤᠨ ᠤ 11 ᠰᠠᠷ᠎ᠠ ᠳᠤ ︽ᠤᠯᠠᠭᠠᠨᠴᠠᠪ ᠬᠤᠲᠠ ᠶᠢᠨ ᠴᠠᠬᠠᠷ ᠰᠤᠶᠤᠯ ᠤᠨ | ᠰᠤᠳᠤᠯᠭᠠᠨ ᠤ ᠨᠡᠶᠢᠭᠡᠮᠯᠢᠭ︾ ᠵᠡᠷᠭᠡ ᠪᠠᠶᠢᠭᠤᠯᠤᠮᠵᠢ ᠤᠳ ᠤᠳᠠᠭ᠎ᠠ ᠳᠠᠷᠠᠭᠠᠯᠠᠨ ᠪᠠᠶᠢᠭᠤᠯᠤᠭᠳᠠᠭᠰᠠᠨ ᠶᠤᠮ᠃ | ᠤᠳᠤ ᠶᠢᠨ ᠤᠯᠠᠭᠠᠨᠴᠠᠪ ᠤᠷᠤᠨ ᠪᠤᠯ ᠴᠠᠬᠠᠷ ᠮᠤᠩᠭᠤᠯᠴᠤᠳ ᠤᠨ ᠡᠰᠨᠢᠨ ᠪᠤᠶᠢᠵᠢᠭᠰᠡᠨ ᠦᠯᠦᠬᠡᠢ | ᠮᠦᠷᠲᠡᠭᠡᠨ ᠲᠠᠯ᠎ᠠ ᠨᠤᠲᠤᠭ ᠤᠨ ᠰᠤᠶᠤᠯ ᠪᠤᠯᠤᠨ ᠴᠠᠠᠬᠷ ᠰᠤᠶᠤᠯ ᠤᠨ ᠮᠠᠨᠳᠤᠨ ᠪᠠᠳᠠᠷᠠᠭᠰᠠᠨ ᠤᠷᠤᠨ ᠪᠠᠶᠢᠪᠠ᠃ | ᠤᠯᠠᠭᠠᠨᠴᠠᠪ ᠨᠢ ︽ᠴᠠᠬᠠᠷ︾ ᠭᠡᠰᠡᠨ ᠨᠡᠷ᠎ᠡ ᠠᠯᠳᠠᠷ ᠢ ᠬᠠᠳᠠᠭᠠᠯᠠᠵᠤ᠂ ᠴᠠᠬᠠᠷ ᠰᠤᠶᠤᠯ ᠤᠨ ᠨᠡᠷᠡᠲᠤ ᠳᠡᠮᠳᠡᠭᠲᠤ ᠶᠢ | ᠪᠤᠢ ᠪᠤᠯᠭᠠᠬᠤ ᠴᠢᠬᠤᠯᠠ ᠰᠢᠢᠳᠪᠦᠷᠢ ᠶᠢ ᠭᠠᠷᠭᠠᠭᠰᠠᠨ ᠨᠢ ᠠᠯᠤᠰ ᠤᠨ ᠬᠥᠭᠵᠢᠯ ᠲᠠᠢ ᠪᠤᠳᠤᠯᠭ᠎ᠠ ᠭᠡᠳᠡᠭ ᠢ | ᠥᠵᠡᠭᠦᠯᠵᠤ ᠪᠠᠶᠢᠭ᠎ᠠ ᠪᠢᠯᠡ᠃ ᠤᠯᠠᠭᠠᠨᠴᠠᠪ ᠬᠤᠲᠠ ᠶᠢᠨ ᠤᠢᠢᠷ᠎ᠠ ᠶᠢᠨ ᠵᠢᠯ ᠤᠨ ᠴᠠᠠᠬᠷ ᠰᠤᠶᠤᠯ ᠤᠨ | ᠲᠠᠯ᠎ᠠ ᠪᠠᠷ ᠬᠢ ᠬᠥᠭᠵᠢᠯ ᠤᠨ ᠲᠤᠬᠠᠢ ᠲᠠᠪᠤᠨ ᠲᠠᠯ᠎ᠠ ᠪᠠᠷ ᠰᠤᠷᠪᠤᠯᠵᠢᠯᠠᠨ ᠥᠭᠦᠯᠡᠬᠦ ᠶᠢ ᠵᠤᠷᠢᠯ᠎ᠠ᠃ | ᠨᠢᠬᠡ᠂ ︽ᠴᠠᠬᠠᠷ ᠲᠡᠦᠬᠡ︾ ᠪᠠᠷ ᠲᠦᠯᠦᠬᠡᠯᠡᠯ ᠪᠤᠯᠭᠠᠭᠰᠠᠨ ᠨᠡᠷᠡᠲᠤ ᠪᠦᠲᠦᠬᠡᠯ᠂ ᠰᠤᠳᠤᠯᠭᠠᠨ ᠤ | ᠵᠤᠬᠢᠶᠠᠯ ᠤᠳ ᠢ ᠨᠠᠶᠢᠷᠠᠭᠤᠯᠤᠨ ᠬᠡᠪᠯᠡᠭᠦᠯᠦᠭᠰᠡᠨ ᠪᠠᠶᠢᠨ᠎ᠠ᠃ ᠴᠠᠬᠠᠷ ᠰᠤᠶᠤᠯ ᠢ ᠰᠤᠳᠤᠯᠤᠨ ᠠᠬᠢᠭᠤᠯᠬᠤ | ᠠᠵᠢᠯ ᠳᠠᠭᠠᠨ ᠬᠥᠴᠥᠯᠡᠨ ᠵᠢᠳᠬᠦᠵᠤ᠂ ᠡᠷᠳᠡᠮ ᠰᠢᠨᠵᠢᠯᠡᠭᠡᠨ ᠤ ᠤᠨᠤᠯ ᠰᠤᠳᠤᠯᠭᠠᠨ ᠤ ᠰᠢᠰᠲ᠋ᠧᠮ ᠤᠨ ᠪᠥᠷᠢᠯᠳᠥᠯ ᠢ | ᠲᠥᠯᠬᠢᠨ ᠠᠬᠢᠭᠤᠯᠬᠤ ᠶᠢᠨ ᠤᠯᠠᠮ ᠢᠶᠠᠷ ︽ᠴᠠᠬᠠᠷ ᠤᠨ ᠲᠤᠬᠠᠢ ᠥᠬᠦᠯᠡᠯ︾᠂ ︽ᠴᠠᠬᠠᠷ ᠲᠡᠥᠬᠡ ᠶᠢᠨ ᠤᠯᠠ ᠮᠥᠷ | ︾᠂ ︽ᠴᠠᠬᠠᠷ ᠤᠳᠬ᠎ᠠ ᠵᠤᠬᠢᠶᠠᠯ ᠤᠨ ᠬᠤᠷᠢᠶᠠᠩᠭᠤᠢ︾᠂ ︽ᠴᠠᠬᠠᠷ ᠠᠰᠠᠷ︾᠂ ︽ᠴᠠᠬᠠᠷ ᠠᠷᠠᠳ ᠤᠨ ᠤᠳᠬ᠎ᠠ | ᠵᠤᠬᠢᠶᠠᠯ︾᠂ ︽ᠴᠠᠬᠠᠷ ᠵᠠᠩ ᠥᠢᠯᠡ︾ ᠵᠡᠷᠭᠡ ᠮᠤᠩᠭᠤᠯ ᠬᠢᠲᠠᠳ ᠬᠡᠯᠡᠨ ᠤ ᠡᠷᠳᠡᠮ ᠰᠢᠨᠵᠢᠯᠡᠭᠡᠨ ᠤ ᠲᠤᠰᠬᠠᠢ | ᠪᠥᠲᠥᠭᠡᠯ ᠢ ᠬᠡᠪᠯᠡᠨ ᠲᠠᠷᠬᠠᠭᠠᠭᠰᠠᠨ ᠪᠠᠶᠢᠨ᠎ᠠ᠃ ︽ᠴᠠᠬᠠᠷ ᠠᠷᠠᠳ ᠤᠨ ᠳᠠᠭᠤᠤ ᠶᠢᠨ ᠪᠥᠷᠢᠨ ᠪᠤᠳᠢ︾᠂ ︽ᠠᠰᠠᠷ | ᠬᠥᠭᠵᠢᠮ ᠤᠨ ᠬᠤᠷᠢᠶᠠᠩᠭᠤᠢ︾᠂ ︽ᠴᠠᠬᠠᠷ ᠠᠷᠠᠳ ᠤᠨ ᠠᠮᠠᠨ ᠥᠯᠢᠭᠡᠷ︾ ᠢ ᠡᠮᠬᠢᠳᠬᠡᠨ ᠴᠤᠭᠯᠠᠭᠤᠯᠬᠤ᠂ | ᠲᠡᠮᠷᠢᠨᠰᠥᠷᠥᠩ᠂ ᠵᠢᠢ ᠰᠥᠩ ᠯᠢᠩ ᠵᠡᠷᠭᠡ ᠴᠠᠬᠠᠷ ᠤᠨ ᠪᠠᠭᠠᠲᠤᠷᠯᠢᠭ ᠬᠥᠮᠥᠰ ᠤᠨ ᠥᠢᠯᠡ ᠠᠵᠢᠯᠯᠠᠭ᠎ᠠ ᠶᠢᠨ | ᠲᠤᠰᠬᠠᠢ ᠡᠮᠬᠢᠳᠭᠡᠯ ᠢ ᠨᠠᠶᠢᠷᠠᠭᠤᠯᠵᠤ ᠭᠠᠷᠭᠠᠭᠰᠠᠨ ᠪᠠᠶᠢᠨ᠎ᠠ᠃ ᠵᠢᠨᠢᠩ ᠤᠨ ᠪᠠᠭᠰᠢ ᠶᠢᠨ ᠳᠡᠭᠡᠲᠥ ᠰᠤᠷᠭᠠᠭᠤᠯᠢ ᠶᠢᠨ | ᠴᠠᠬᠠᠷ ᠰᠤᠶᠤᠯ ᠤᠨ ᠰᠤᠳᠤᠯᠭᠠᠨ ᠤ ᠬᠥᠷᠢᠶᠡᠯᠡᠩ ᠪᠤᠯᠤᠨ ᠴᠠᠬᠠᠷ ᠰᠤᠶᠤᠯ ᠤᠨ ᠰᠤᠳᠤᠯᠤᠨ ᠠᠬᠢᠭᠤᠯᠬᠤ ᠨᠡᠶᠢᠭᠡᠮᠯᠢᠭ | ᠬᠠᠮᠲᠤᠷᠠᠨ ︽ᠴᠠᠬᠠᠷ ᠰᠤᠶᠤᠯ ᠤᠨ ᠭᠤᠤᠯᠯᠠᠭᠴᠢ ᠤᠶᠢᠯᠠᠭᠠᠭᠳᠠᠬᠤᠨ ᠵᠢᠴᠢ ᠲᠡᠥᠬᠡᠨ ᠪᠥᠷᠢᠯᠳᠥᠯ ᠤᠨ ᠲᠤᠬᠠᠢ | ᠰᠤᠳᠤᠯᠭᠠᠨ︾ ᠭᠡᠬᠦ ᠤᠷᠤᠨ ᠤ ᠳᠡᠰ ᠤᠨ ᠰᠤᠳᠤᠯᠭᠠᠨ ᠤ ᠰᠡᠳᠥᠪ᠂ ︽ᠤᠮᠠᠷᠠᠲᠥ ᠬᠢᠯᠢ ᠬᠢᠵᠠᠭᠠᠷ ᠤᠨ ᠲᠡᠥᠬᠡ | ᠬᠢᠭᠡᠳ ᠤᠳᠤᠬᠢ ᠪᠠᠶᠢᠳᠠᠯ ᠤᠨ ᠲᠤᠬᠠᠢ ᠰᠤᠳᠤᠯᠭᠠᠨ︾ ᠤ ᠤᠯᠤᠰ ᠤᠨ ᠳᠡᠰ ᠤᠨ ᠰᠤᠳᠤᠯᠭᠠᠨ ᠤ ᠲᠥᠷᠥᠯ | ᠵᠦᠢᠯ ᠤᠨ ᠠᠵᠢᠯ ᠢ ᠶᠠᠪᠤᠭᠳᠠᠭᠤᠯᠵᠤ ᠪᠠᠶᠢᠭ᠎ᠠ ᠶᠤᠮ ᠪᠠᠶᠢᠨ᠎ᠠ᠃ ᠴᠠᠬᠠᠷ ᠠᠶᠢᠮᠠᠭ ᠤᠨ ᠲᠡᠦᠬᠡ ᠰᠤᠶᠤᠯ ᠨᠢ | ᠤᠮᠠᠷᠠᠲᠤ ᠶᠤᠸᠠᠨ ᠤ ᠲᠡᠦᠬᠡ ᠰᠤᠶᠤᠯ ᠲᠠᠢ ᠨᠢᠭᠲᠠ ᠬᠤᠯᠪᠤᠭ᠎ᠠ ᠲᠠᠢ ᠪᠤᠯᠬᠤᠷ ᠴᠬᠠᠠᠷ ᠮᠤᠩᠭᠤᠯ ᠲᠡᠦᠬᠡ ᠶᠢᠨ | ᠰᠤᠳᠤᠯᠭ᠎ᠠ ᠨᠢ ᠲᠡᠯᠡᠬᠡᠢ ᠶᠢᠨ ᠴᠢᠨᠠᠷᠲᠠᠢ ᠰᠤᠳᠤᠯᠭᠠᠨ ᠤ ᠰᠡᠳᠦᠪ ᠪᠤᠯᠤᠨ ᠬᠥᠭᠵᠢᠵᠤ᠂ ᠤᠯᠠᠨ ᠤᠯᠤᠰ ᠤᠨ | ᠮᠤᠩᠭᠤᠯ ᠰᠤᠳᠤᠯᠤᠯ ᠤᠨ ᠴᠢᠬᠤᠯᠠ ᠨᠢᠬᠡ ᠰᠤᠳᠤᠯᠤᠭᠳᠠᠬᠤᠨ ᠪᠤᠯᠤᠭᠰᠠᠨ ᠪᠠᠶᠢᠨ᠎ᠠ᠃ ᠡᠯ᠎ᠡ ᠬᠤᠰᠢᠭᠤᠨ ᠤ ᠴᠬᠠᠠᠷ | ᠰᠤᠶᠤᠯ ᠤᠨ ᠰᠤᠳᠤᠯᠭᠠᠨ ᠤ ᠨᠡᠶᠢᠭᠡᠮᠯᠢᠭ ᠬᠢᠨ ᠲᠠᠢ ᠬᠠᠮᠵᠢᠯᠴᠠᠨ ᠠᠵᠢᠯᠯᠠᠵᠤ᠂ ᠠᠬᠠᠮᠠᠳ ᠦᠶ᠎ᠡ ᠶᠢᠨ ᠬᠢᠨ ᠤ | ᠰᠤᠳᠤᠯᠭᠠᠨ ᠤ ᠦᠷ᠎ᠡ ᠪᠦᠲᠦᠭᠡᠯ ᠤᠨ ᠰᠠᠭᠤᠷᠢᠨ ᠳᠡᠭᠡᠷ᠎ᠡ ︽ᠴᠠᠬᠠᠷ ᠲᠡᠦᠬᠡ︾᠂ ︽ᠴᠠᠬᠠᠷ ᠤᠨ ᠭᠥᠯᠥ ᠰᠢᠷ᠎ᠠ | ᠬᠤᠰᠢᠭᠤᠨ ᠤ ᠰᠤᠮᠤ ᠶᠢᠨ ᠤᠢᠢᠯᠠᠯᠭ᠎ᠠ︾᠂ ︽ᠴᠠᠬᠠᠷ ᠤᠨ ᠭᠥᠯᠥ ᠤᠯᠠᠭᠠᠨ ᠬᠤᠰᠢᠭᠤᠨ ᠤ ᠰᠤᠮᠤ ᠶᠢᠨ ᠤᠢᠢᠯᠠᠯᠭ᠎ᠠ | ︾ ᠵᠡᠷᠭᠡ ᠰᠤᠶᠤᠯ ᠲᠡᠦᠬᠡ ᠶᠢᠨ ᠪᠦᠲᠦᠬᠡᠯ ᠢ ᠲᠤᠭᠤᠷᠪᠢᠵᠠᠢ᠃ 40 ᠭᠠᠷᠤᠢ ᠡᠷᠳᠡᠮᠲᠡᠨ ᠰᠤᠳᠤᠯᠭᠠᠲᠠᠳ | ᠤᠶᠤᠨ ᠢᠶᠠᠨ ᠵᠠᠷᠤᠴᠠᠭᠤᠯᠤᠨ 6 ᠵᠢᠯ ᠤᠨ ᠴᠠᠭ ᠵᠠᠷᠤᠴᠠᠭᠤᠯᠵᠤ ᠲᠤᠭᠤᠷᠪᠢᠭᠰᠠᠨ᠂ 160 ᠲᠥᠮᠡᠨ ᠥᠰᠥᠭ ᠲᠠᠢ | ︽ᠴᠠᠬᠠᠷ ᠲᠡᠥᠬᠡ︾ ᠪᠤᠯ ᠤᠳᠤᠬᠠᠨ ᠪᠤᠯᠳᠠᠯᠠᠬᠢ ᠬᠠᠮᠤᠭ ᠤᠨ ᠠᠩᠬᠠᠨ ᠤ ᠨᠡᠯᠢᠶᠡᠳ ᠪᠦᠷᠢᠨ ᠲᠡᠭᠦᠯᠳᠡᠷ | ᠰᠢᠰᠲ᠋ᠧᠮᠵᠢᠭᠰᠡᠨ ᠴᠠᠬᠠᠷ ᠠᠶᠢᠮᠠᠭ ᠤᠨ ᠲᠡᠦᠬᠡ ᠪᠤᠯᠤᠨ᠎ᠠ᠃ ᠡᠳᠡᠭᠡᠷ ᠭᠠᠵᠠᠷ ᠤᠷᠤᠨ ᠤ ᠤᠨᠴᠠᠯᠢᠭ᠂ | ᠥᠨᠳᠥᠰᠥᠲᠡᠨ ᠤ ᠳᠠᠳᠬᠠᠯ᠂ ᠴᠠᠬ ᠥᠶ᠎ᠡ ᠶᠢᠨ ᠤᠨᠴᠠᠯᠢᠭ ᠪᠤᠯᠤᠨ ᠥᠨᠳᠥᠰᠥᠲᠡᠨ ᠤ ᠵᠤᠷᠢᠭ ᠰᠠᠨᠠᠭ᠎ᠠ ᠶᠢ | ᠬᠠᠷᠠᠭᠤᠯᠤᠭᠰᠠᠨ ᠤᠨᠤᠯ ᠤᠨ ᠵᠤᠬᠢᠶᠠᠯ ᠪᠤᠶᠤ ᠴᠠᠬᠠᠷ ᠲᠡᠥᠬᠡ ᠰᠤᠶᠤᠯ ᠤᠨ ᠡᠷᠳᠡᠮ ᠰᠢᠨᠵᠢᠯᠡᠭᠡᠨ ᠤ ᠥᠭᠦᠯᠡᠯ᠂ | ᠲᠡᠥᠬᠡ ᠶᠢᠨ ᠪᠥᠲᠥᠭᠡᠯ ᠤᠳ ᠨᠢ ᠴᠠᠬᠠᠷ ᠰᠤᠶᠤᠯ ᠤᠨ ᠭᠤᠤᠯᠯᠠᠭᠴᠢ ᠤᠶᠢᠯᠠᠭᠠᠭᠳᠠᠬᠤᠨ ᠢ ᠨᠠᠷᠢᠯᠢᠭ ᠤᠨᠤᠪᠴᠢᠲᠠᠢ | ᠬᠤᠷᠢᠶᠠᠩᠭᠤᠢᠢᠯᠠᠬᠤ ᠵᠢᠴᠢ ᠰᠤᠶᠤᠯ ᠤᠨ ᠬᠠᠭᠤᠴᠢ ᠥᠯᠡᠳᠡᠭᠳᠡᠯ ᠤᠨ ᠬᠥᠭᠵᠢᠯᠲᠡ ᠶᠢᠨ ᠤᠯᠠ ᠮᠥᠷ ᠢ ᠮᠥᠷᠳᠡᠬᠦ ᠳᠤ | ᠠᠯᠤᠰ ᠬᠡᠳᠥ ᠶᠢᠨ ᠠᠴᠢ ᠬᠤᠯᠪᠤᠭᠳᠠᠯ ᠶᠢ ᠠᠪᠴᠢᠷᠠᠭᠰᠠᠨ ᠪᠠᠶᠢᠨ᠎ᠠ᠃ | ᠬᠤᠶᠠᠷ᠂ ︽ᠴᠠᠬᠠᠷ ᠰᠤᠶᠤᠯ ᠤᠨ ᠮᠦᠽᠧᠢ︾ ᠪᠠᠷ ᠲᠦᠯᠦᠭᠡᠯᠡᠭᠦᠯᠦᠭᠰᠡᠨ ᠴᠠᠬᠠᠷ ᠰᠤᠶᠤᠯ ᠢ ᠤᠬᠠᠭᠤᠯᠬᠤ᠂ | ᠦᠪᠯᠡᠨ ᠬᠠᠮᠠᠭᠠᠯᠠᠬᠤ ᠰᠠᠭᠤᠷᠢᠨ ᠭᠠᠵᠠᠷ ᠤᠳ ᠪᠠᠶᠢᠭᠤᠯᠤᠭᠳᠠᠯ᠎ᠠ᠃ ᠤᠬᠢ ᠰᠢᠯᠢᠳᠡᠭ ᠴᠠᠬᠠᠷ ᠰᠤᠶᠤᠯ ᠢ ᠭᠠᠷ ᠲᠤ | ᠪᠠᠷᠢᠭᠳᠠᠨ᠂ ᠨᠢᠳᠤᠨ ᠳᠤ ᠦᠵᠡᠭᠳᠡᠬᠦᠯᠬᠦ ᠬᠡᠮᠡᠨ ᠴᠠᠬᠠᠷ ᠵᠠᠩ ᠥᠢᠯᠡ ᠶᠢᠨ ᠮᠥᠽᠸᠢ᠂ ᠴᠬᠠᠠᠷ ᠰᠤᠶᠤᠯ ᠤᠨ ᠮᠦᠽᠧᠢ | ᠂ ᠴᠠᠬᠠᠷ ᠰᠤᠷᠪᠤᠯᠵᠢ ᠪᠢᠴᠢᠭ ᠤᠨ ᠤᠷᠳᠤᠨ᠂ ᠦᠨᠳᠦᠰᠦᠲᠡᠨ ᠤ ᠰᠤᠶᠤᠯ ᠤᠨ ᠠᠵᠤ ᠦᠢᠢᠯᠡᠰ ᠤᠨ ᠬᠦᠷᠢᠶᠡᠯᠡᠩ᠂ | ᠴᠠᠬᠠᠷ ᠰᠤᠶᠤᠯ ᠤᠨ ᠤᠯᠠᠨ ᠨᠡᠶᠢᠲᠡ ᠶᠢᠨ ᠦᠢᠯᠡᠴᠢᠯᠡᠭᠡᠨ ᠤ ᠲᠦᠪ᠂ ᠴᠠᠬᠠᠷ ᠰᠤᠶᠤᠯ ᠤᠨ ᠤᠯᠠᠮᠵᠢᠯᠠᠨ | ᠵᠠᠯᠭᠠᠮᠵᠢᠯᠠᠬᠤ ᠲᠦᠪ᠂ ᠴᠠᠬᠠᠷ ᠰᠤᠶᠤᠯ ᠤᠨ ᠭᠠᠳᠠᠭᠠᠳᠤ ᠳᠠᠬᠢ ᠰᠠᠭᠤᠷᠢ ᠮᠦᠩᠭᠦᠨ ᠤ ᠨᠡᠶᠢᠬᠡᠮᠯᠢᠭ ᠵᠡᠷᠭᠡ ︽ᠴᠠᠬᠠᠷ︾ | ᠨᠡᠷᠡᠮᠵᠢᠲᠥ ᠬᠤᠲᠠ᠂ ᠬᠤᠰᠢᠭᠤ ᠳᠡᠰ ᠤᠨ ᠪᠠᠶᠢᠭᠤᠯᠤᠮᠵᠢ ᠶᠢ ᠪᠦᠲᠦᠭᠡᠨ ᠪᠠᠶᠢᠭᠤᠯᠵᠤ᠂ ᠦᠨᠳᠦᠰᠦᠳᠡᠨ ᠤ | ᠤᠯᠠᠮᠵᠢᠯᠠᠯᠲᠤ ᠰᠤᠶᠤᠯ ᠢᠶᠠᠨ ᠦᠪᠯᠡᠨ ᠬᠦᠭᠵᠢᠭᠦᠯᠵᠤ᠂ ᠴᠠᠬᠠᠷ ᠰᠤᠶᠤᠯ ᠢᠶᠠᠨ ︽ᠤᠯᠠᠭᠠᠨᠴᠠᠪ ᠬᠤᠲᠠ ᠶᠢᠨ ᠨᠡᠷᠡᠲᠤ | ᠳᠡᠮᠳᠡᠭ︾ ᠪᠤᠯᠭᠠᠨ᠂ ᠨᠡᠷ᠎ᠡ ᠠᠯᠳᠠᠷᠰᠢᠯ ᠢ ᠳᠡᠭᠡᠭᠰᠢᠯᠡᠬᠦᠯᠬᠦ ᠳᠤ ᠴᠢᠬᠤᠯᠠ ᠦᠢᠯᠡᠳᠦᠯ ᠦᠵᠡᠬᠦᠯᠵᠠᠢ᠃ | ᠤᠳᠤᠬᠠᠨ ᠪᠤᠯᠳᠠᠯ᠎ᠠ᠂ ᠤᠯᠠᠭᠠᠨᠴᠠᠪ ᠤᠨ ᠤᠷᠤᠨ ᠨᠤᠲᠤᠭ ᠤᠨ ᠴᠠᠬᠠᠷ ᠰᠤᠶᠤᠯ ᠤᠨ ᠰᠤᠳᠤᠯᠭᠠᠨ ᠤ | ᠨᠡᠶᠢᠭᠡᠮᠯᠢᠭ ᠪᠤᠯᠤᠨ ᠰᠢᠯᠢ ᠶᠢᠨ ᠭᠤᠤᠯ ᠠᠶᠢᠮᠠᠭ᠂ ᠴᠢᠭᠤᠯᠤᠯᠲᠤ ᠬᠠᠭᠠᠯᠭ᠎ᠠ ᠬᠤᠲᠠ᠂ ᠳ᠋ᠠᠲ᠋ᠦ᠋ᠩ ᠤᠨ ᠭᠠᠵᠠᠷ | ᠤᠷᠤᠨ ᠢ ᠪᠠᠭᠳᠠᠭᠠᠨ ᠤᠯᠠᠨ ᠲᠦᠷᠦᠯ ᠤᠨ ᠬᠠᠮᠵᠢᠯᠴᠠᠭᠠᠨ ᠤ ᠬᠠᠷᠢᠴᠠᠭ᠎ᠠ ᠶᠢ ᠪᠦᠷᠢᠯᠳᠦᠬᠦᠯᠵᠤ᠂ ᠴᠠᠠᠬᠷ | ᠰᠤᠶᠤᠯ ᠤᠨ ᠲᠤᠭᠤᠷᠢᠭ ᠤᠨ ᠦᠨᠳᠦᠰᠦᠨ ᠬᠡᠪ ᠪᠦᠷᠢᠯᠳᠦᠵᠠᠢ᠃ | ᠭᠤᠷᠪᠠ᠂ ᠴᠠᠬᠠᠷ ᠰᠤᠶᠤᠯ ᠤᠨ ᠤᠷᠠᠯᠢᠭ ᠤᠨ ᠤᠬᠢ ᠶᠢ ᠪᠦᠲᠦᠭᠡᠵᠤ᠂ ᠤᠯᠠᠭᠠᠨᠴᠠᠪ ᠬᠤᠲᠠ ᠶᠢᠨ | ᠰᠤᠶᠤᠯ ᠤᠨ ᠲᠦᠷᠢ ᠲᠦᠷᠬᠦ ᠶᠢ ᠱᠤᠭᠤᠨ ᠪᠠᠶᠢᠭᠤᠯᠤᠭᠰᠠᠨ ᠪᠠᠶᠢᠨ᠎ᠠ᠃ 2010 ᠤᠨ ᠳᠤ᠂ ᠪᠥᠬᠦ ᠤᠷᠤᠨ ᠤ 5 | ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠪᠤᠯᠤᠨ ᠠᠩᠬᠠᠳᠠᠭᠴᠢ ᠬᠤᠭᠤᠴᠠᠭᠠᠨ ᠤ ᠴᠠᠬᠠᠷ | ᠰᠤᠶᠤᠯ ᠤᠨ ᠤᠷᠠᠯᠢᠭ ᠤᠨ ᠨᠠᠶᠢᠷ ᠢ ᠤᠯᠠᠭᠠᠨᠴᠠᠪ ᠲᠤ ᠠᠮᠵᠢᠯᠲᠠ ᠲᠠᠢ ᠡᠷᠬᠢᠯᠡᠵᠤ᠂ ᠴᠠᠬᠠᠷ ᠴᠠᠭᠠᠨ ᠢᠳᠡᠭᠡᠡ ᠤ | ᠳᠡᠯᠭᠡᠨ ᠥᠵᠡᠭᠦᠯᠥᠯᠭᠡ ᠶᠢᠨ ᠤᠷᠤᠯᠳᠤᠭᠠᠨ᠂ ᠴᠠᠬᠠᠷ ᠤᠷᠳᠤᠨᠤ ᠢᠳᠡᠭᠡᠨ ᠤᠮᠳᠠᠭᠠᠨ ᠤ ᠰᠢᠯᠭᠠᠷᠠᠭᠤᠯᠤᠯᠲᠠ ᠶᠢᠨ | ᠤᠷᠤᠯᠳᠤᠨᠭᠠ᠂ ᠠᠰᠠᠷ ᠬᠥᠭᠵᠢᠮ᠂ ᠴᠠᠬᠠᠷ ᠠᠷᠠᠳᠤᠨ ᠳᠠᠭᠤᠤ᠂ ᠴᠠᠬᠠᠷ ᠪᠥᠵᠢᠭ ᠤᠨ ᠤᠷᠤᠯᠳᠤᠭᠠᠨ ᠢ | ᠬᠠᠮᠤᠷᠠᠭᠰᠠᠨ ᠨᠠᠶᠢᠷ ᠪᠤᠯᠪᠠ᠃ 2011 ᠤᠨ ᠳᠤ᠂ ᠪᠥᠬᠦ ᠤᠯᠤᠰ ᠤᠨ ᠡᠯ᠎ᠡ ᠭᠠᠵᠠᠷ ᠤᠨ 470 ᠤᠷᠤᠯᠴᠠᠭᠴᠢ | ᠴᠤᠭᠯᠠᠭᠰᠠᠨ ︽ᠳᠤᠮᠳᠠᠲᠥ ᠤᠯᠤᠰ ᠤᠨ ᠠᠩᠬᠠᠳᠠᠭᠴᠢ ᠬᠤᠭᠤᠴᠠᠭᠠᠨ ᠤ ᠴᠠᠬᠠᠷ ᠠᠷᠠᠳ ᠤᠨ ᠳᠠᠭᠤᠤ᠂ ᠠᠰᠠᠷ | ᠬᠥᠭᠵᠢᠮ ᠤᠨ ᠲᠧᠯᠸᠢᠰ ᠱᠠᠩᠨᠠᠯᠲᠥ ᠤᠷᠤᠯᠳᠤᠭᠠᠨ︾ ᠢ ᠵᠤᠬᠢᠶᠠᠨ ᠪᠠᠶᠢᠭᠤᠯᠪᠠ᠃ ᠴᠠᠬᠠᠷ ᠰᠤᠶᠤᠯ ᠤᠨ | ᠰᠤᠳᠤᠯᠭᠠᠨ ᠤ ᠨᠡᠶᠢᠭᠡᠮᠯᠢᠭ ᠬᠠᠮᠢᠶ᠎ᠠ ᠪᠦᠬᠦᠢ ᠪᠠᠶᠢᠭᠤᠯᠤᠯᠭ᠎ᠠ ᠨᠢᠬᠡᠴᠡ ᠲᠠᠢ ᠬᠠᠮᠵᠢᠯᠴᠠᠨ ᠴᠠᠭᠠᠨ ᠰᠠᠷ᠎ᠠ ᠶᠢᠨ | ᠦᠳᠡᠰᠢᠯᠡᠭᠡ ᠵᠤᠬᠢᠶᠠᠨ ᠪᠠᠶᠢᠭᠤᠯᠤᠭᠰᠠᠨ ᠪᠥᠭᠡᠳ ︽ᠴᠠᠬᠠᠷ ᠬᠤᠷᠢᠮ︾ ᠵᠡᠷᠭᠡ ᠰᠢᠯᠢᠳᠡᠭ ᠵᠦᠴᠦᠭᠡ ᠶᠢ | ᠨᠠᠶᠢᠷᠠᠭᠤᠯᠤᠨ ᠨᠡᠶᠢᠭᠡᠮ ᠨᠡᠶᠢᠲᠡ ᠳᠤ ᠤᠶᠤᠨ ᠤ ᠬᠥᠷᠲᠡᠭᠡᠯ ᠪᠤᠯᠭᠠᠨ ᠬᠥᠷᠬᠡᠭᠰᠡᠨ ᠪᠠᠶᠢᠨ᠎ᠠ᠃ | ᠤᠯᠠᠭᠠᠨᠴᠠᠪ ᠬᠤᠲᠠ ᠨᠢ ᠴᠠᠬᠠᠷ ᠴᠡᠷᠢᠭ ᠤᠨ ᠪᠠᠷᠠᠭᠤᠨᠰᠢ ᠨᠡᠭᠦᠳᠡᠯᠯᠡᠵᠤ ᠬᠢᠯᠢ ᠬᠢᠵᠠᠭᠠᠷ ᠢᠶᠠᠨ ᠬᠠᠮᠠᠭᠠᠯᠠᠭᠰᠠᠨ | ᠰᠡᠳᠬᠢᠯ ᠬᠦᠳᠡᠯᠭᠡᠮ᠎ᠡ ᠦᠯᠢᠭᠡᠷ ᠲᠤᠤᠯᠢᠰ ᠢᠶᠠᠷ ᠰᠡᠳᠦᠪ ᠪᠤᠯᠭᠠᠭᠰᠠᠨ ᠲᠤᠮᠤ ᠬᠡᠯᠪᠡᠷᠢ ᠶᠢᠨ ᠲᠠᠶᠢᠰᠠᠨ ᠵᠦᠴᠦᠭᠡ ︽ | ᠵᠢᠷᠤᠮᠲᠤ ᠲᠠᠶᠢᠴᠢᠨ ᠴᠠᠬᠠᠷ︾ ᠢ ᠠᠮᠵᠢᠯᠲᠠ ᠲᠠᠢ ᠪᠦᠲᠦᠭᠡᠨ᠂ ᠪᠦᠬᠦ ᠤᠯᠤᠰ ᠤᠨ ᠴᠦᠬᠡᠨ ᠲᠤᠭᠠᠲᠤ | ᠦᠨᠳᠦᠰᠦᠲᠡᠨ ᠤ ᠰᠢ ᠵᠦᠴᠦᠬᠡ ᠶᠢᠨ ᠲᠤᠭᠯᠠᠯᠲᠠ ᠳᠤ 15 ᠲᠦᠷᠦᠯ ᠤᠨ ᠱᠠᠩᠨᠠᠯ ᠲᠤᠰᠤᠭᠰᠠᠨ ᠠᠮᠵᠢᠯᠲᠠ ᠶᠢ | ᠪᠢᠴᠢᠭᠯᠡᠵᠤ ᠪᠢᠯᠡ᠃ ᠴᠠᠬᠠᠷ ᠪᠠᠷᠠᠭᠤᠨ ᠭᠠᠷᠤᠨ ᠡᠮᠦᠨᠡᠲᠤ ᠬᠤᠰᠢᠭᠤ᠂ ᠴᠠᠬᠠᠷ ᠪᠠᠷᠠᠭᠤᠨ ᠭᠠᠷᠤᠨ ᠬᠤᠶᠢᠲᠤ | ᠬᠤᠰᠢᠭᠤ᠂ ᠴᠠᠬᠠᠷ ᠪᠠᠷᠠᠭᠤᠨ ᠭᠠᠷᠤᠨ ᠲᠤᠮᠳᠠ ᠬᠤᠰᠢᠭᠤ᠂ ᠵᠢᠨᠢᠩ ᠲᠤᠭᠤᠷᠢᠭ ᠲᠤ ᠤᠯᠤᠰ ᠤᠨ ᠲᠡᠰ ᠤᠨ | ᠪᠤᠳᠠᠰ ᠤᠨ ᠪᠤᠰᠤ ᠰᠤᠶᠤᠯ ᠤᠨ ᠦᠪ ᠢ ᠤᠯᠠᠮᠵᠢᠯᠠᠨ ᠵᠠᠯᠭᠠᠮᠵᠢᠯᠠᠬᠤ ᠠᠰᠤᠷᠤ ᠤᠷᠠᠯᠢᠭ ᠤᠨ ᠪᠦᠯᠬᠦᠮ ᠢ ᠪᠠᠶᠢᠭᠤᠯᠵᠠᠢ | ᠃ | ᠲᠦᠷᠪᠡ᠂ ᠴᠬᠠᠠᠷ ᠰᠤᠶᠤᠯ ᠤᠨ ᠰᠢᠨ᠎ᠡ ᠰᠢᠨᠵᠢᠯᠡᠭᠡᠨ ᠢ ᠡᠭᠦᠳᠦᠨ ᠪᠠᠶᠢᠭᠤᠯᠵᠤ᠂ ᠴᠠᠬᠠᠷ ᠰᠤᠶᠤᠯ ᠢ ᠶᠡᠭᠡ | ᠳᠡᠭᠡᠲᠤ ᠰᠤᠷᠭᠠᠭᠤᠯᠢ ᠳᠤ ᠬᠦᠳᠥᠯᠥᠨ ᠤᠷᠤᠭᠤᠯᠵᠠᠢ᠃ ᠴᠠᠬᠠᠷ ᠰᠤᠶᠤᠯ ᠨᠢ ᠰᠤᠶᠤᠯ ᠤᠨ ᠰᠤᠳᠤᠯᠭᠠᠨ ᠤ | ᠲᠦᠷᠦᠯ ᠤᠨ ᠬᠤᠪᠢ ᠪᠠᠷ᠂ 2015 ᠤᠨ ᠳᠤ᠂ ᠵᠢᠨᠢᠩ ᠪᠠᠭᠰᠢ ᠶᠢᠨ ᠳᠡᠬᠡᠲᠤ ᠰᠤᠷᠭᠠᠭᠤᠯᠢᠶᠢᠨ ᠵᠢᠩᠬᠢᠨᠢ | ᠠᠩᠬᠢ ᠳᠤ ︽ᠴᠠᠬᠠᠷ ᠲᠡᠦᠬᠡ︾᠂ ︽ᠴᠠᠬᠠᠷ ᠰᠤᠶᠤᠯ ᠤᠨ ᠲᠦᠢᠮᠤ︾ ᠭᠡᠬᠦ ᠬᠢᠴᠢᠶᠡᠯ ᠲᠤᠬᠢᠷᠠᠭᠤᠯᠵᠤ᠂ | ᠤᠶᠤᠲᠠᠳ ᠲᠤ ᠬᠢᠴᠢᠶᠡᠯᠯᠡᠭᠰᠡᠨ ᠪᠠᠶᠢᠨ᠎ᠠ᠃ ᠵᠢᠨᠢᠩ ᠤᠨ ᠪᠠᠭᠰᠢ ᠶᠢᠨ ᠳᠡᠭᠡᠲᠤ ᠰᠤᠷᠭᠠᠭᠤᠯᠢ ᠳᠤ ︽ᠴᠠᠬᠠᠷ | ᠰᠤᠶᠤᠯ ᠤᠨ ᠬᠠᠮᠵᠢᠯᠴᠠᠭᠠᠨ ᠤ ᠰᠢᠨ᠎ᠡ ᠶᠢ ᠡᠭᠦᠳᠬᠦ ᠲᠦᠪ︾ ᠢ ᠪᠠᠶᠢᠭᠤᠯᠤᠭᠰᠠᠨ ᠪᠥᠭᠡᠳ 2016 ᠤᠨ ᠳᠤ᠂ | ᠵᠢᠨᠢᠩ ᠤᠨ ᠪᠠᠭᠰᠢ ᠶᠢᠨ ᠳᠡᠭᠡᠲᠤ ᠰᠤᠷᠭᠠᠭᠤᠯᠢ ᠳᠤ ᠴᠠᠬᠠᠷ ᠰᠤᠶᠤᠯ ᠤᠨ ᠰᠤᠳᠤᠯᠭᠠᠨ ᠤ ᠬᠦᠷᠢᠶᠡᠯᠡᠩ ᠪᠠᠶᠢᠭᠤᠯᠵᠤ᠂ | ᠭᠤᠷᠪᠠᠨ ᠵᠢᠯ ᠤᠨ ᠲᠤᠲᠤᠷ᠎ᠠ ᠪᠤᠰᠤᠳ ᠰᠠᠯᠪᠤᠷᠢ ᠳᠤ ᠴᠠᠬᠠᠷ ᠰᠤᠶᠤᠯ ᠤᠨ ᠬᠢᠴᠢᠶᠡᠯ ᠨᠡᠭᠡᠬᠡᠬᠦ ᠪᠠᠷ ᠲᠦᠯᠦᠪᠯᠡᠵᠤ | ᠪᠠᠶᠢᠭ᠎ᠠ ᠪᠦᠬᠡᠳ ᠵᠢᠨᠢᠩ ᠤᠨ ᠪᠠᠭᠰᠢ ᠶᠢᠨ ᠳᠡᠭᠡᠲᠤ ᠰᠤᠷᠭᠠᠭᠤᠯᠢ ᠳᠤ ᠴᠠᠬᠠᠷ ᠰᠤᠶᠤᠯ ᠤᠨ ᠰᠤᠳᠤᠯᠭᠠᠨ ᠤ ᠲᠤᠰᠬᠠᠢ | ᠮᠡᠷᠭᠡᠵᠢᠯ ᠢᠶᠠᠷ ᠠᠰᠫᠢᠷᠠᠨᠲ ᠬᠦᠮᠦᠵᠢᠬᠦᠯᠬᠦ ᠶᠢ ᠵᠤᠷᠢᠵᠤ ᠪᠠᠶᠢᠭ᠎ᠠ ᠶᠤᠮ᠃ | ᠲᠠᠪᠤ᠂ ᠰᠤᠶᠤᠯ ᠤᠨ ᠠᠵᠤ ᠦᠢᠯᠡᠰᠵᠢᠯᠲᠠ ᠶᠢᠨ ᠢᠨᠵᠧᠨᠧᠷᠢᠩ ᠢ ᠢᠳᠡᠪᠬᠢᠲᠠᠢ ᠲᠦᠯᠬᠢᠨ ᠠᠬᠢᠭᠤᠯᠵᠤ᠂ | ᠤᠷᠤᠨ ᠨᠤᠲᠤᠭ ᠤᠨ ᠰᠤᠶᠤᠯ ᠵᠢᠭᠤᠯᠴᠢᠯᠠᠯ ᠤᠨ ᠬᠦᠭᠵᠢᠯᠲᠠ ᠳᠤ ᠬᠤᠪᠢ ᠨᠡᠮᠡᠷᠢ ᠦᠵᠡᠬᠦᠯᠦᠭᠰᠡᠨ ᠪᠠᠶᠢᠨ᠎ᠠ᠃ | ᠬᠤᠲᠠ ᠪᠠᠯᠭᠠᠰᠤᠵᠢᠯᠲᠠ ᠶᠢᠨ ᠶᠠᠪᠤᠴᠠ ᠳᠤ᠂ ᠬᠡᠷᠡᠯ ᠰᠠᠴᠤᠷᠠᠩᠭᠤᠢ ᠬᠢᠯᠠᠯᠵᠠᠭᠰᠠᠨ ᠲᠡᠦᠬᠡ ᠪᠠᠨ ᠦᠪᠯᠡᠭᠡᠳ᠂ | ᠮᠠᠯᠴᠢᠳ ᠬᠤᠲᠠ ᠤᠷᠤᠵᠤ᠂ ᠠᠵᠤ ᠦᠢᠯᠡᠰ ᠡᠷᠬᠢᠯᠡᠬᠦ ᠳᠤ ᠴᠠᠬᠠᠷ ᠰᠤᠶᠤᠯ ᠢᠶᠠᠨ ᠠᠵᠤ ᠥᠢᠯᠡᠰᠵᠢᠭᠦᠯᠬᠦ | ᠡᠬᠦᠳᠡᠨ ᠠᠴᠠ ᠴᠠᠬᠠᠷ ᠴᠠᠭᠠᠨ ᠢᠳᠡᠭᠡᠨ ᠤ ᠨᠡᠶᠢᠭᠡᠮᠯᠢᠭ᠂ ᠭᠠᠷ ᠤᠷᠠᠯᠠᠯ ᠤᠨ ᠨᠡᠶᠢᠭᠡᠮᠯᠢᠭ᠂ ᠲᠦᠷᠦᠭᠡᠨ ᠰᠤᠶᠤᠯ ᠤᠨ | ᠨᠡᠶᠢᠭᠡᠮᠯᠢᠭ᠂ ᠠᠳᠤᠭᠤᠨ ᠰᠤᠶᠤᠯ ᠤᠨ ᠨᠡᠶᠢᠭᠡᠮᠯᠢᠭ ᠮᠡᠲᠤ ᠶᠢᠨ ᠠᠷᠪᠠᠭᠠᠳ ᠨᠡᠶᠢᠭᠡᠮᠯᠢᠭ ᠢ ᠪᠠᠶᠢᠭᠤᠯᠵᠠᠢ᠃ ︽ᠴᠠᠬᠠᠷ | ᠬᠠᠭᠠᠨ ᠤᠷᠳᠤᠨ ᠤ ᠴᠠᠭᠠᠨ ᠢᠳᠡᠭᠡ︾ ᠨᠢ ᠡᠳᠥᠭᠡ ᠨᠢᠭᠡᠨᠲᠠ ᠤᠯᠠᠭᠠᠨᠴᠠᠪ ᠬᠤᠲᠠ ᠶᠢᠨ ᠬᠤᠳᠠᠯᠳᠤᠭᠠᠨ ᠤ ᠨᠡᠷᠡᠲᠥ | ᠲᠡᠮᠳᠡᠭᠲᠤ ᠪᠤᠯᠵᠤ᠂ ᠴᠠᠬᠠᠷ ᠬᠤᠪᠴᠠᠰᠤ ᠵᠠᠰᠠᠯ ᠤᠨ ᠺᠤᠮᠫᠠᠨᠢ ᠶᠢᠨ ᠪᠦᠲᠦᠭᠡᠭᠳᠡᠭᠦᠨ ᠨᠢ ᠤᠷᠤᠨ ᠤ ᠲᠤᠲᠤᠭᠠᠳᠤ | ᠭᠠᠳᠠᠭᠠᠳᠤ ᠶᠢᠨ ᠰᠤᠶᠤᠯ ᠤᠨ ᠲᠠᠸᠠᠷ ᠤᠨ ᠦᠵᠡᠰᠭᠦᠯᠡᠩ ᠳᠤ ᠲᠤᠮᠤ ᠱᠠᠩᠨᠠᠯ ᠬᠦᠷᠲᠡᠵᠠᠢ᠃ 800 ᠵᠢᠯ ᠢ | ᠡᠯᠡᠭᠡᠭᠰᠡᠨ ᠴᠠᠬᠠᠷ ᠰᠤᠷ ᠬᠠᠳᠬᠤᠮᠠᠯ ᠨᠢ ᠰᠤᠶᠤᠯ ᠤᠨ ᠠᠵᠤ ᠦᠢᠯᠡᠰ ᠪᠤᠯᠤᠭᠰᠠᠨ ᠢᠶᠠᠷ ᠪᠠᠷᠠᠬᠤ ᠦᠭᠡᠢ᠂ ᠤᠳᠤ | ᠳᠡᠯᠡᠬᠡᠢ ᠶᠢᠨ ᠴᠤᠷ ᠤᠨ ᠭᠠᠭᠴᠠ ᠰᠦᠨᠦᠭᠰᠡᠨ ᠠᠮᠢᠲᠠᠳ ᠤᠨ ᠵᠠᠭᠪᠤᠷ ᠴᠡᠴᠡᠷᠯᠢᠭ ᠢ ᠪᠠᠶᠢᠭᠤᠯᠵᠤ ᠪᠠᠶᠢᠭ᠎ᠠ ᠪᠢᠯᠡ᠃ | ᠡᠨᠡ ᠨᠢ ᠤᠯᠠᠭᠠᠨᠴᠠᠪ ᠬᠤᠲᠠ ᠶᠢᠨ 20 ᠳ᠋ᠦᠩᠰᠢᠭᠤᠷ ᠠᠴᠠ ᠳᠡᠭᠡᠭᠰᠢᠬᠢ ᠪᠡᠯᠡ ᠤᠷᠤᠭᠤᠯᠤᠯᠲᠠ ᠶᠢᠨ ᠲᠦᠷᠦᠯ | ᠵᠦᠢᠯ ᠪᠤᠯᠤᠭᠰᠠᠨ ᠪᠠᠶᠢᠨ᠎ᠠ᠃ | ᠤᠷᠤᠨ ᠨᠤᠲᠤᠭ ᠤᠨ ᠰᠤᠶᠤᠯ ᠤᠨ ᠨᠡᠷᠡᠲᠤ ᠳᠡᠮᠳᠡᠭᠲᠤ ᠶᠢ ᠡᠬᠦᠳᠬᠦ ᠪᠤᠯ ᠨᠢᠬᠡᠨ ᠰᠢᠰᠲ᠋ᠧᠮᠴᠢ ᠴᠢᠨᠠᠷ ᠲᠠᠢ | ᠢᠨᠵᠧᠨᠧᠷᠢᠩ᠂ ᠲᠡᠷᠡ ᠨᠢ ᠲᠤᠰᠬᠠᠢ ᠮᠡᠷᠭᠡᠵᠢᠯ ᠤᠨ ᠪᠦᠯᠬᠦᠮ ᠨᠢᠬᠡᠴᠡ ᠠᠴᠠ ᠵᠤᠬᠢᠶᠠᠨ ᠪᠠᠶᠢᠭᠤᠯᠵᠤ ᠨᠢᠬᠡᠳᠦᠯᠲᠠᠢ | ᠶᠠᠪᠤᠭᠳᠠᠳᠠᠭ᠃ ᠴᠠᠬᠠᠷ ᠰᠤᠶᠤᠯ ᠤᠨ ᠰᠤᠳᠤᠯᠭᠠᠨ ᠨᠢ ᠤᠷᠤᠨ ᠨᠤᠲᠤᠭ ᠤᠨ ᠰᠤᠶᠤᠯ ᠤᠨ ᠬᠦᠭᠵᠢᠯᠲᠠ ᠶᠢ ᠲᠦᠯᠬᠢᠨ | ᠠᠬᠢᠭᠤᠯᠵᠤ᠂ ᠦᠨᠳᠦᠰᠦᠲᠡᠨ ᠤ ᠰᠢᠯᠢᠳᠡᠭ ᠰᠤᠶᠤᠯ ᠤᠨ ᠨᠡᠷᠡᠲᠤ ᠳᠡᠮᠳᠡᠭᠲᠤ ᠶᠢ ᠡᠭᠦᠳᠬᠦ ᠳᠤ ᠠᠯᠤᠰ ᠬᠡᠲᠤ ᠶᠢᠨ | ᠨᠦᠯᠦᠬᠡ ᠦᠵᠡᠭᠦᠯᠥᠭᠰᠡᠨ ᠤ ᠬᠠᠮᠲᠤ᠂ ᠴᠠᠠᠬᠷ ᠰᠤᠶᠤᠯ ᠢ ᠢᠯᠡᠷᠡᠭᠦᠯᠥᠨ ᠰᠤᠳᠤᠯᠬᠤ ᠪᠠ ᠴᠠᠬᠠᠷ ᠰᠤᠶᠤᠯ ᠢ | ᠤᠯᠠᠮᠵᠢᠯᠠᠨ ᠬᠦᠭᠵᠢᠬᠦᠯᠬᠦ ᠠᠵᠢᠯ ᠢ ᠤᠯᠠᠮ ᠨᠢᠬᠡ ᠠᠯᠬᠤᠮ ᠰᠢᠰᠲ᠋ᠧᠮᠵᠢᠭᠦᠯᠵᠤ᠂ ᠲᠤᠰᠬᠠᠢ ᠮᠡᠷᠭᠡᠵᠢᠯ ᠤᠨ | ᠴᠢᠭᠯᠡᠯ ᠢᠶᠠᠷ᠂ ᠲᠦᠷᠢᠮᠵᠢᠯ ᠤᠨ ᠵᠠᠮ ᠳᠤ ᠠᠯᠬᠤᠨ ᠤᠷᠤᠵᠤ᠂ ᠰᠢᠨ᠎ᠡ ᠴᠠᠭ ᠦᠶ᠎ᠡ ᠶᠢᠨ ᠰᠤᠶᠤᠯ ᠤᠨ ᠬᠥᠭᠵᠢᠯᠲᠡ | ᠪᠠᠳᠠᠷᠠᠯ ᠳᠤ ᠭᠠᠯ ᠵᠤᠯᠭᠠᠭᠰᠠᠨ ᠪᠠᠶᠢᠨ᠎ᠠ᠃ | ᠵᠣᠬᠢᠶᠠᠭᠴᠢ᠄ ᠲᠣᠣᠯᠡ | | |