ᠤᠯᠤᠰ ᠤᠨ ᠳᠣᠲᠣᠭᠠᠳᠤ ᠶᠢᠨ ᠬᠡᠳᠦ ᠥᠨᠳᠥᠷ ᠢᠯᠭᠠᠮ  ᠲᠠᠢ ᠬᠦᠷᠢᠶᠡᠨ ᠤ ᠬᠡᠰᠡᠭ ᠡᠷᠭᠡᠵᠢᠯ ᠳᠡᠯᠡᠬᠡᠢ ᠶᠢᠨ ᠲᠡᠷᠢᠭᠦᠨ ᠤ ᠳᠦᠪᠰᠢᠨ ᠳᠤ ᠬᠦᠷᠪᠡ
ᠨᠡᠶᠢᠲᠡᠯᠡᠭᠰᠡᠨ ᠴᠠᠭ᠄
2024/10/14
   ︽ᠣᠯᠠᠨ ᠵᠢᠯ ᠤᠨ ᠴᠢᠷᠮᠠᠶᠢᠯᠭ᠎ᠠ ᠪᠠᠷ ᠳᠡᠮᠵᠢᠨ᠂ ᠮᠠᠨ ᠤ ᠤᠯᠤᠰ ᠤᠨ ᠸᠢᠳᠢᠤ᠋ ᠶᠢᠨ ᠮᠡᠷᠭᠡᠵᠢᠯ ᠨᠢᠭᠡᠨᠲᠡ ᠪᠠᠷᠢᠮᠵᠢᠶ᠎ᠠ ᠶᠣᠰᠣᠭᠠᠷ ᠰᠤᠷᠤᠯᠴᠠᠵᠤ᠂ ᠥᠨᠳᠥᠷ ᠲᠣᠳᠣ ᠪᠠᠶᠢᠬᠤ ᠪᠠᠷ ᠬᠥᠭᠡᠭᠡᠴᠡᠯᠳᠦᠵᠦ᠂ ᠬᠡᠲᠦ ᠥᠨᠳᠥᠷ ᠲᠣᠳᠣ ᠬᠡᠰᠡᠭ ᠪᠡᠶ᠎ᠡ ᠪᠠᠨ ᠳᠠᠭᠠᠭᠠᠭᠰᠠᠨ ᠭᠤᠣᠯᠯᠠᠬᠤ ᠮᠡᠷᠭᠡᠵᠢᠯ ᠳᠡᠯᠡᠬᠡᠢ ᠶᠢᠨ ᠲᠡᠷᠢᠭᠦᠨ ᠤ ᠬᠢᠷᠢ ᠲᠦᠪᠰᠢᠨ ᠳᠤ ᠣᠷᠣᠰᠢᠵᠤ ᠪᠠᠶᠢᠨ᠎ᠠ︾᠃ ᠣᠶᠢᠷ᠎ᠠ ᠳᠤ᠂ ᠲᠥᠷᠥ ᠶᠢᠨ ᠶᠠᠪᠤᠳᠠᠯ ᠤᠨ ᠬᠤᠷᠢᠶᠠᠨ ᠤ ᠰᠣᠨᠢᠨ ᠮᠡᠳᠡᠭᠡᠨ ᠤ ᠠᠯᠪᠠᠨ ᠬᠡᠷ ᠤᠨ ᠡᠷᠭᠢᠯᠡᠭᠰᠡᠨ ︽ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ︾ ᠭᠤᠤᠯ ᠰᠡᠳᠦᠪᠲᠦ ᠰᠣᠨᠢᠨ ᠮᠡᠳᠡᠭᠡ ᠨᠡᠶᠢᠲᠡᠯᠡᠬᠦ ᠬᠤᠷᠠᠯ ᠳᠡᠭᠡᠷ᠎ᠡ᠂ ᠤᠯᠤᠰ ᠤᠨ ᠷᠠᠳᠢᠣ᠋ ᠲᠧᠯᠸᠢᠰ ᠤᠨ ᠶᠡᠷᠦᠩᠬᠡᠶ ᠲᠣᠪᠴᠢᠶ᠎ᠠ ᠶᠢᠨ ᠳᠡᠳ᠋ ᠳᠠᠷᠤᠭ᠎ᠠ ᠶᠠᠩ ᠭᠦᠸᠧ ᠷᠦᠢ ᠰᠢᠨᠵᠢᠯᠡᠬᠦ ᠤᠬᠠᠭᠠᠨ ᠮᠡᠷᠭᠡᠵᠢᠯ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠬᠤ ᠳᠠᠭᠠᠨ ᠢᠯᠡᠳᠬᠡᠪᠡ᠃    ᠮᠠᠨ ᠤ ᠤᠯᠤᠰ ᠤᠨ ᠲᠧᠯᠧᠢᠰ ᠬᠠᠷ᠎ᠡ ᠴᠠᠭᠠᠨ ᠠᠴᠠ ᠬᠡᠷᠡᠯ ᠬᠢᠯᠪᠠᠭ᠎ᠠ ᠬᠦᠷᠲᠡᠯ᠎ᠡ᠂ ᠳᠠᠭᠤᠷᠢᠶᠠᠬᠤ ᠠᠴᠠ ᠲᠤᠭ᠎ᠠ ᠪᠠᠷᠢᠮᠲᠠ ᠬᠦᠷᠲᠡᠯ᠎ᠡ᠂ ᠲᠣᠳᠣᠷᠬᠠᠢ ᠪᠠᠷᠢᠮᠵᠢᠶ᠎ᠠ ᠲᠣᠳᠣᠷᠬᠠᠢ ᠪᠠᠶᠢᠭᠰᠠᠨ ᠠᠴᠠ ᠥᠨᠳᠥᠷ ᠲᠦᠪᠰᠢᠨ ᠪᠦᠬᠦᠢ ᠠᠳᠠᠯᠢ ᠪᠤᠰᠤ ᠬᠥᠭᠵᠢᠯᠲᠡ ᠶᠢᠨ ᠱᠠᠳᠤ ᠦᠶ᠎ᠡ ᠬᠦᠷᠲᠡᠯ᠎ᠡ ᠬᠥᠭᠵᠢᠭᠰᠡᠨ ᠪᠠᠶᠢᠨ᠎ᠠ᠃ ︽ᠬᠡᠳᠦ ᠦᠨᠳᠦᠷ ᠲᠤᠳᠤ ᠢᠯᠭᠠᠮᠵᠢ ᠲᠠᠢ ᠪᠠᠶᠢᠬᠤ ᠶᠢᠨ ᠢᠯᠭᠠᠮᠵᠢ ᠨᠢ ᠤᠨᠴᠠ ᠲᠤᠳᠤ 4 ᠲᠠᠬᠢᠨ ᠠᠴᠠ ᠲᠡᠭᠡᠭᠰᠢ ᠪᠠᠶᠢᠵᠤ᠂ ᠦᠵᠡᠭᠴᠢᠳ ᠲᠤ ᠨᠡᠩ ᠲᠤᠳᠤᠷᠬᠠᠢ ᠨᠠᠷᠢᠨ ᠵᠦᠢᠯᠡᠰ᠂ ᠨᠡᠩ ᠡᠯᠪᠡᠭ ᠪᠠᠶᠠᠯᠢᠭ ᠦᠩᠭᠡ ᠪᠤᠳᠤᠭ᠂ ᠨᠡᠩ ᠰᠢᠭᠤᠳ ᠰᠢᠯᠤᠭᠤᠨ ᠵᠢᠷᠤᠭ ᠪᠤᠯᠤᠨ ᠨᠡᠩ ᠲᠤᠬᠠᠢ ᠶᠢᠨ ᠭᠠᠵᠠᠷ ᠤᠨ ᠲᠦᠷᠦᠭᠳᠡᠯ ᠢ ᠬᠠᠩᠭᠠᠵᠤ ᠦᠭᠴᠤ ᠪᠤᠯᠤᠨ᠎ᠠ᠃ ᠡᠭᠦᠨ ᠤ ᠬᠠᠮᠲᠤ᠂ ᠬᠡᠲᠦ ᠥᠨᠳᠥᠷ ᠲᠣᠳᠣ ᠳᠡᠯᠭᠡᠴᠡ ᠨᠢ ᠶᠡᠭᠡ ᠪᠠᠭ᠎ᠠ ᠳᠡᠯᠭᠡᠴᠡ ᠳᠡᠭᠡᠷ᠎ᠡ ᠭᠠᠷᠮᠠᠭᠠᠶ ᠢᠯᠡᠷᠡᠯ ᠲᠠᠢ ᠪᠠᠶᠢᠬᠤ ᠪᠠᠷ ᠪᠠᠷᠠᠬᠤ ᠥᠬᠡᠶ᠂ ᠪᠠᠰᠠ ᠭᠠᠷ ᠤᠲᠠᠰᠤ᠂ ᠺᠣᠮᠫᠢᠦ᠋ᠲ᠋ᠧᠷ᠂ ᠲᠡᠷᠭᠡᠨ ᠳᠡᠭᠡᠷᠡᠬᠢ ᠦᠵᠦᠭᠦᠷᠯᠢᠭ ᠮᠠᠰᠢᠨ ᠵᠡᠷᠭᠡ ᠰᠢᠯᠵᠢᠮᠡᠯ ᠵᠢᠵᠢᠭ ᠳᠡᠯᠭᠡᠴᠡ ᠳᠡᠭᠡᠷ᠎ᠡ ᠴᠦ ᠢᠯᠡᠷᠬᠡᠶ ᠵᠢᠷᠤᠭ ᠤᠨ ᠴᠢᠨᠠᠷ ᠢ ᠳᠡᠭᠡᠭᠰᠢᠯᠡᠭᠦᠯᠦᠭᠰᠡᠨ ᠪᠠᠶᠢᠨ᠎ᠠ᠂ ᠡᠶᠢᠮᠦ ᠠᠴᠠ ᠬᠡᠲᠦ ᠥᠨᠳᠥᠷ ᠬᠡᠷᠬᠡᠮ ᠨᠢ ᠠᠷᠠᠳ ᠣᠯᠠᠨ ᠳᠤ ᠴᠣ ᠰᠢᠨ᠎ᠡ ᠶᠡᠭᠡ ᠪᠠᠭ᠎ᠠ ᠳᠡᠯᠭᠡᠴᠡ ᠶᠢ ᠦᠵᠡᠵᠦ ᠰᠣᠨᠣᠰᠬᠤ ᠣᠶᠢᠯᠠᠭᠠᠯᠲᠠ ᠶᠢ ᠠᠪᠴᠢᠷᠠᠬᠤ ᠪᠣᠯᠤᠨ᠎ᠠ︾  ᠭᠡᠵᠤ ᠶᠠᠩ ᠭᠦᠣ ᠷᠤᠢ ᠬᠡᠯᠡᠪᠡ᠃    ᠤᠯᠤᠰ ᠤᠨ ᠷᠠᠳᠢᠣ᠋ ᠲᠧᠯᠸᠢᠰ ᠤᠨ ᠶᠡᠷᠦᠩᠬᠡᠶ ᠲᠣᠪᠴᠢᠶ᠎ᠠ ᠬᠡᠲᠦ ᠥᠨᠳᠥᠷ ᠲᠣᠳᠣ ᠬᠥᠭᠵᠢᠯᠲᠡ ᠶᠢ ᠲᠦᠷᠭᠡᠳᠬᠡᠬᠦ ᠶᠢ ᠨᠢᠭᠡ ᠵᠦᠢᠯ ᠤᠨ ᠴᠢᠬᠤᠯᠠ ᠪᠠᠶᠢᠯᠳᠤᠬᠤ ᠪᠣᠳᠣᠯᠭ᠎ᠠ ᠶᠢᠨ ᠡᠭᠦᠷᠭᠡ ᠪᠣᠯᠭᠠᠵᠤ᠂ ︽ᠴᠡᠭ ᠢᠶᠠᠷ ᠨᠡᠶᠢᠳᠡᠮ ᠢ ᠳᠠᠶᠢᠴᠢᠯᠠᠬᠤ᠂ ᠭᠤᠤᠯᠳᠠᠯᠭ᠎ᠠ ᠲᠠᠢ ᠪᠠᠷ ᠰᠢᠪᠲᠤᠯᠬᠤ᠂ ᠪᠥᠬᠦ ᠬᠡᠯᠬᠢᠶ᠎ᠡ ᠪᠠᠷ ᠲᠠᠰ ᠳᠡᠪᠰᠢᠭᠦᠯᠬᠦ︾ ᠠᠵᠢᠯ ᠤᠨ ᠰᠡᠳᠬᠢᠮᠵᠢ ᠶᠣᠰᠣᠭᠠᠷ᠂ ᠪᠡᠭᠡᠵᠢᠩ᠂ ᠱᠠᠩᠬᠠᠶ᠂ ᠭᠤᠸᠠᠩᠳᠦ᠋ᠩ ᠳᠤ ᠤᠷᠢᠳᠠᠪᠠᠷ ᠲᠤᠷᠰᠢᠯᠲᠠ ᠬᠢᠬᠦ ᠶᠢᠨ ᠬᠠᠮᠲᠤ᠂ ᠣᠯᠠᠨ ᠭᠠᠵᠠᠷ ᠣᠷᠣᠨ ᠢ ᠰᠣᠩᠭᠤᠨ ᠮᠤᠵᠢ ᠶᠢᠨ ᠱᠠᠲᠤᠨ ᠤ ᠣᠳᠣᠨ ᠲᠧᠯᠸᠢᠰ ᠤᠨ ᠬᠡᠲᠦ ᠥᠨᠳᠥᠷ ᠲᠣᠳᠣ ᠨᠡᠪᠲᠡᠷᠡᠭᠦᠯᠬᠦ ᠶᠢ ᠠᠬᠢᠭᠤᠯᠪᠠ᠃ ︽ᠲᠤᠷᠰᠢᠯᠲᠠ ᠶᠢᠨ ᠴᠡᠭ ᠤᠨ ᠠᠵᠢᠯ ᠤᠨ ᠨᠢᠭᠡᠨ ᠴᠢᠬᠤᠯᠠ ᠡᠭᠦᠷᠭᠡ ᠪᠣᠯ ᠳᠠᠷᠤᠶ ᠠᠭᠤᠯᠭ᠎ᠠ ᠶᠢᠨ ᠦᠢᠯᠡᠳᠪᠦᠷᠢᠯᠡᠯ᠂ ᠫᠷᠤᠭ᠍ᠷᠠᠮ ᠤᠨ ᠨᠡᠪᠲᠡᠷᠡᠭᠦᠯᠭᠡ᠂ ᠰᠦᠯᠵᠢᠶᠡᠨ ᠤ ᠳᠠᠮᠵᠢᠭᠤᠯᠭ᠎ᠠ᠂ ᠦᠵᠦᠭᠦᠷ ᠤᠨ ᠦᠵᠡᠭᠦᠯᠦᠯᠭᠡ ᠵᠡᠷᠭᠡ ᠡᠯ᠎ᠡ ᠭᠤᠭᠴᠣᠭᠠᠨ ᠤ ᠲᠦᠭᠵᠢᠷᠡᠯ ᠢ ᠨᠡᠪᠲᠡᠷᠡᠭᠦᠯᠵᠦ᠂ ᠬᠡᠲᠦ ᠥᠨᠳᠥᠷ ᠲᠣᠳᠣ ᠫᠷᠤᠭ᠍ᠷᠠᠮ ᠢ ᠦᠨᠡᠨ ᠬᠦ ᠡᠭᠡᠯ ᠠᠷᠠᠳ ᠤᠨ ᠬᠡᠷ ᠲᠤ ᠣᠷᠣᠭᠤᠯᠬᠤ ᠶᠠᠪᠤᠳᠠᠯ ᠪᠣᠯᠤᠨ᠎ᠠ︾ ᠭᠡᠵᠡᠢ᠃ ᠶᠠᠩ ᠭᠦᠣ ᠷᠤᠢ ᠬᠡᠯᠡᠪᠡ᠃    ᠤᠯᠤᠰ ᠤᠨ ᠷᠠᠳᠢᠣ ᠲᠧᠯᠧᠢᠰ ᠤᠨ ᠶᠡᠷᠦᠩᠬᠡᠢ ᠲᠣᠪᠴᠢᠶ᠎ᠠ ᠣᠳᠣ ᠶᠠᠭ ᠷᠠᠳᠢᠣ ᠲᠧᠯᠸᠢᠰ ᠪᠣᠯᠣᠨ ᠰᠦᠯᠵᠢᠶᠡᠨ ᠳᠡᠭᠡᠷᠡᠬᠢ ᠦᠵᠡᠵᠦ ᠰᠣᠨᠣᠰᠬᠤ᠂ ᠲᠧᠯᠸᠢᠰ ᠤᠨ ᠲᠣᠮᠣ ᠳᠡᠯᠭᠡᠴᠡ ᠪᠣᠯᠣᠨ ᠭᠠᠷ ᠤᠲᠠᠰᠤᠨ ᠤ ᠵᠢᠵᠢᠭ ᠳᠡᠯᠭᠡᠴᠡ ᠶᠢᠨ ᠣᠨᠴᠠ ᠲᠣᠳᠣ ᠪᠠᠶᠢᠳᠠᠯ ᠢ ᠠᠬᠢᠭᠤᠯᠵᠤ ᠪᠠᠶᠢᠨ᠎ᠠ᠃ ︽2025 ᠣᠨ ᠤ ᠡᠴᠦᠰ ᠪᠣᠯᠬᠤ ᠳᠤ᠂ ᠲᠥᠪ ᠲᠧᠯᠸᠢᠰ ᠪᠠ ᠮᠤᠵᠢ ᠶᠢᠨ ᠲᠠᠰ ᠤᠨ ᠣᠳᠣᠨ ᠲᠧᠯᠸᠢᠰ ᠢ ᠪᠠᠭᠲᠠᠭᠠᠭᠰᠠᠨ 13 ᠬᠡᠲᠦ ᠥᠨᠳᠥᠷ ᠲᠣᠳᠣᠷᠬᠠᠶᠢ ᠰᠤᠪᠠᠭ ᠢ ᠪᠥᠬᠦ ᠤᠯᠤᠰ ᠲᠤ ᠰᠢᠨ᠎ᠡ ᠪᠠᠷ ᠨᠡᠪᠲᠡᠷᠡᠭᠦᠯᠬᠦ ᠪᠠᠷ ᠪᠣᠶ᠂ ᠲᠤᠬᠠᠶ ᠶᠢᠨ ᠦᠶ᠎ᠡ ᠳᠤ ᠮᠠᠨ ᠤ ᠤᠯᠤᠰ ᠤᠨ ᠬᠡᠲᠦ ᠥᠨᠳᠥᠷ ᠲᠣᠳᠣ ᠰᠤᠪᠠᠭ 20 ᠶᠢ ᠳᠠᠪᠠᠵᠤ᠂ 2026 ᠤᠨ ᠪᠣᠯᠬᠤ ᠳᠤ ᠳᠠᠬᠢᠨ 11 ᠶᠢ ᠨᠡᠮᠡᠭᠳᠡᠭᠦᠯᠬᠦ ᠪᠣᠯᠤᠨ᠎ᠠ︔ ᠡᠭᠦᠨ ᠤ ᠬᠠᠮᠲᠤ᠂ ᠠᠢ ᠴᠢ ᠢ᠂ ᠶᠢᠦ ᠺᠦᠢ᠂ ᠲᠧᠩ ᠰᠢᠶᠦ᠋ᠨ᠂ ᠮᠡᠩᠭᠡ TV᠂ B ᠥᠷᠲᠡᠭᠡ᠂ ᠮᠢ ᠭᠦ᠋ ᠵᠡᠷᠭᠡ ᠲᠠᠪᠴᠠᠩ ᠤᠨ ᠵᠢᠯ ᠤᠨ ᠰᠢᠨ᠎ᠡ ᠪᠠᠷ ᠨᠡᠮᠡᠭᠳᠡᠭᠰᠡᠨ ᠫᠷᠤᠭ᠍ᠷᠠᠮ ᠤᠨ ᠳᠤᠮᠳᠠ ᠬᠡᠲᠦ ᠥᠨᠳᠥᠷ ᠲᠣᠳᠣ ᠡᠵᠡᠯᠡᠬᠦ ᠬᠠᠷᠢᠴᠠᠯ ᠨᠢ ᠴᠦ 50% ᠶᠢ ᠳᠠᠪᠠᠨ᠎ᠠ᠃ ᠲᠤᠬᠠᠶ ᠶᠢᠨ ᠦᠶ᠎ᠡ ᠳᠤ᠂ ᠬᠡᠲᠦ ᠥᠨᠳᠥᠷ ᠲᠣᠳᠣ ᠷᠠᠳᠢᠣ᠋ ᠲᠧᠯᠸᠢᠰ ᠪᠠ ᠰᠦᠯᠵᠢᠶᠡᠨ ᠤ ᠦᠵᠡᠵᠦ ᠰᠣᠨᠣᠰᠬᠤ ᠭᠤᠤᠯ ᠵᠠᠭᠪᠤᠷ ᠪᠣᠯᠵᠣ᠂ ᠬᠥᠮᠦᠰ ᠬᠡᠷ ᠲᠤ ᠪᠠᠨ ᠳᠠᠷᠤᠶ ᠰᠡᠳᠬᠢᠯ ᠳᠣᠭᠳᠣᠯᠤᠮ᠎ᠠ ᠵᠢᠪᠦᠯᠲᠦ ᠦᠵᠡᠵᠦ ᠰᠣᠨᠣᠰᠬᠤ ᠣᠶᠢᠯᠠᠭᠠᠯᠲᠠ ᠶᠢ ᠪᠡᠶ᠎ᠡ ᠪᠠᠷ ᠢᠶᠠᠨ ᠡᠳ᠋ᠯᠡᠵᠦ ᠴᠢᠳᠠᠨ᠎ᠠ︾ ᠭᠡᠵᠡᠶ᠃ ᠶᠠᠩ ᠭᠦᠣ ᠷᠤᠢ ᠬᠡᠯᠡᠪᠡ᠃                              ᠰᠣᠷᠪᠤᠯᠵᠢᠯᠠᠬᠴᠢ᠄ ᠮᠠ ᠠᠢ ᠫᠢᠩ                          ᠬᠠᠷᠢᠭᠤᠴᠠᠯᠭ᠎ᠠ ᠶᠢᠨ ᠨᠠᠶᠢᠷᠠᠭᠤᠯᠤᠭᠴᠢ᠄ ᠵᠸᠦ ᠵᠢᠩ ᠵᠢᠶᠧ                          ᠤᠷᠴᠢᠭᠤᠯᠤᠭᠴᠢ᠄ ᠡᠷᠳᠡᠨᠢᠴᠢᠮᠡᠭ                          ᠬᠢᠨᠠᠭᠴᠢ᠄ ᠰᠤᠷᠤᠨ᠎ᠠ
 
ᠢᠷᠡᠯᠲᠡ᠄ ᠰᠢᠨᠬᠤᠸᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号