ᠮᠦᠷᠤᠭ᠍ᠴᠡᠭᠡ ᠶᠢᠨ ᠰᠦᠮ᠎ᠡ ᠶᠢᠨ ᠲᠣᠪᠴᠢ ᠲᠠᠨᠢᠯᠴᠠᠭᠤᠯᠭ᠎ᠠ | | ᠮᠦᠷᠤᠭ᠍ᠴᠡᠭᠡ ᠶᠢᠨ ᠰᠦᠮ᠎ᠡ ᠨᠢ ᠰᠢᠯᠢ ᠰᠢᠶᠠᠩ ᠤᠨ ᠮᠦᠷᠤᠭ᠍ᠴᠡᠭᠡ ᠶᠢᠨ ᠰᠦᠮ᠎ᠡ ᠶᠢᠨ ᠭᠠᠴᠠᠭᠠᠨ ᠳᠤ | ᠬᠠᠷᠢᠶᠠᠯᠠᠭᠳᠠᠨ᠎ᠠ᠂ ᠵᠢᠨᠢᠩ ᠠᠴᠠ ᠭᠦᠭᠡᠪᠤᠷ ᠭᠦᠷᠬᠦ ᠵᠠᠰᠠᠮᠠᠯ ᠵᠠᠮ ᠤᠨ ᠬᠤᠶᠢᠲᠤ ᠲᠠᠯ᠎ᠠ ᠳᠤ ᠪᠠᠶᠢᠷᠢᠯᠠᠨ᠎ᠠ᠃ | ᠵᠢᠨᠢᠩ ᠠᠴᠠ 35 ᠺᠢᠯᠣᠮᠧᠲᠷ ᠵᠠᠶᠢᠲᠠᠢ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠠᠴᠠ 33.9 | ᠺᠢᠯᠣᠮᠧᠲᠷ ᠵᠠᠶᠢᠲᠠᠢ᠂ ᠬᠤᠰᠢᠭᠤᠨ ᠤ ᠪᠠᠶᠢᠭ᠎ᠠ ᠭᠠᠵᠠᠷ ᠤᠨ ᠪᠠᠶᠠᠨᠴᠠᠭᠠᠨ 55 ᠺᠢᠯᠣᠮᠧᠲᠷ ᠵᠠᠶᠢᠲᠠᠢ᠂ ᠰᠢᠨ᠎ᠡ ᠪᠠᠷ | ᠪᠠᠶᠢᠭᠤᠯᠤᠭᠰᠠᠨ ᠪᠠᠢ ᠶᠦᠩ ᠲᠦᠷᠭᠡᠨ ᠤ ᠵᠠᠰᠠᠮᠠᠯ ᠵᠠᠮ ᠲᠣᠰᠬᠤᠨ ᠢᠶᠠᠷ ᠥᠩᠭᠡᠷᠡᠨ ᠭᠠᠷᠴᠤ᠂ ᠪᠡᠭᠡᠵᠢᠩ᠂ ᠲᠢᠶᠠᠨᠵᠢᠨ | ᠣᠷᠣᠨ ᠠᠴᠠ ᠭᠦᠢᠳᠡᠨ ᠰᠢᠯᠢ᠂ ᠭᠡᠭᠡᠨ ᠲᠠᠯ᠎ᠠ ᠦᠵᠡᠮᠵᠢ ᠶᠢᠨ ᠣᠷᠣᠨ ᠳᠤ ᠬᠦᠷᠬᠦ ᠳᠤ ᠵᠠᠪᠠᠯ ᠥᠩᠭᠡᠷᠡᠬᠦ ᠭᠠᠵᠠᠷ | ᠪᠣᠯᠣᠨ᠎ᠠ᠂ ᠮᠥᠨᠴᠦ ᠶᠠᠫᠤᠨ ᠢ ᠡᠰᠡᠷᠭᠦᠴᠡᠬᠦ ᠳᠠᠶᠢᠨ ᠤ ᠦᠶ᠎ᠡ ᠶᠢᠨ ᠶᠠᠨ ᠠᠨ ᠠᠴᠠ ᠤᠯᠠᠭᠠᠨᠪᠠᠭᠠᠲᠤᠷ᠂ ᠮᠣᠰᠺᠸᠠ ᠳᠤ | ᠨᠡᠪᠲᠡᠷᠡᠬᠦ ᠤᠯᠠᠭᠠᠨ ᠵᠠᠮ ᠬᠠᠷᠢᠯᠴᠠᠭᠠᠨ ᠤ ᠱᠤᠭᠤᠮ ᠪᠣᠯᠣᠨ ᠨᠠᠢᠮᠠᠳᠤᠭᠠᠷ ᠵᠠᠮ ᠤᠨ ᠴᠡᠷᠢᠭ ᠤᠨ ᠦᠷᠭᠦᠯᠵᠢ | ᠠᠵᠢᠯᠯᠠᠭ᠎ᠠ ᠬᠢᠳᠡᠭ ᠵᠢᠴᠢ ᠰᠢᠷᠬᠠᠲᠤᠭᠰᠠᠳ ᠢ ᠪᠡᠶ᠎ᠡ ᠳᠠᠯᠳᠠᠯᠠᠨ ᠰᠤᠪᠢᠯᠠᠬᠤ ᠭᠠᠵᠠᠷ ᠪᠣᠯᠣᠨ᠎ᠠ᠂ ᠬᠤᠪᠢᠰᠬᠠᠯ ᠤᠨ | ᠡᠷᠲᠡ ᠴᠢᠯᠦᠭᠡᠯᠡᠭᠳᠡᠭᠰᠡᠨ ᠣᠷᠣᠨ ᠤ ᠭᠦᠨ ᠵᠤᠵᠠᠭᠠᠨ ᠡᠭᠡᠯ ᠪᠣᠷᠣᠭᠵᠢᠭᠤᠨ ᠦᠨᠳᠦᠰᠦᠲᠡᠨ ᠤ ᠣᠨᠴᠠᠯᠢᠭ ᠲᠠᠢ ᠶᠤᠮ᠃ | | ᠮᠦᠷᠤᠭ᠍ᠴᠡᠭᠡ ᠶᠢᠨ ᠰᠦᠮ᠎ᠡ ᠶᠢ ᠡᠩᠬᠡ ᠠᠮᠤᠭᠤᠯᠠᠩ ᠤᠨ ᠡᠬᠢᠨ ᠤ ᠣᠨ ︵1662 ᠣᠨ︶ ᠳᠤ | ᠪᠠᠶᠢᠭᠤᠯᠵᠤ᠂ ᠵᠡᠭᠦᠨ᠂ ᠪᠠᠷᠠᠭᠤᠨ᠂ ᠬᠤᠶᠢᠲᠤ ᠭᠤᠷᠪᠠᠨ ᠲᠠᠯ᠎ᠠ ᠪᠠᠷ ᠢᠶᠠᠨ ᠠᠭᠤᠯᠠ ᠪᠠᠷ ᠬᠦᠷᠢᠶᠡᠯᠡᠵᠦ᠂ ᠬᠠᠮᠤᠭ | ᠡᠬᠢᠨ ᠤ ᠰᠦᠮ᠎ᠡ ᠨᠢ ᠲᠡᠭᠰᠢ ᠳᠥᠷᠪᠡᠯᠵᠢᠨ ᠬᠤᠶᠠᠷ ᠳᠠᠪᠬᠤᠷ ᠲᠠᠭᠲᠤ ᠶᠢᠨ ᠲᠠᠢ ᠪᠠᠶᠢᠵᠤ᠂ 700 ᠭᠠᠷᠤᠢ ᠲᠡᠭᠰᠢ | ᠳᠥᠷᠪᠡᠯᠵᠢᠨ ᠮᠧᠲᠷ ᠲᠠᠯᠠᠪᠠᠶ ᠲᠠᠢ᠂ ᠡᠷᠭᠢᠨ ᠲᠣᠭᠤᠷᠢᠨ ᠳᠤᠨᠢ ᠪᠠᠰᠠ ᠮᠠᠨ ᠵᠢᠩ ᠳ᠋ᠦ᠋ ᠬᠥᠩ᠂ ᠨᠣᠮ ᠢ | ᠬᠠᠮᠠᠭᠠᠯᠠᠬᠤ ᠰᠠᠬᠢᠭᠤᠯᠰᠤᠨ ᠤ ᠬᠠᠷᠰᠢ᠂ ᠳᠥᠷᠪᠡᠨ ᠶᠡᠭᠡ ᠲᠡᠭᠷᠢ ᠶᠢᠨ ᠸᠠᠩ ᠤᠨ ᠬᠠᠷᠰᠢ᠂ ᠨᠦᠨᠠᠢ ᠬᠠᠷᠰᠢ ᠵᠡᠷᠭᠡ | 50 ᠭᠠᠷᠤᠢ ᠲᠠᠰᠤᠯᠭ᠎ᠠ ᠪᠠᠶᠢᠵᠤ᠂ ᠪᠠᠰᠠ ᠭᠠᠭᠴᠠ ᠡᠭᠦᠳᠡ ᠭᠠᠭᠴᠠ ᠬᠦᠷᠢᠶᠡᠨ ᠤ ᠯᠠᠮᠠ ᠨᠠᠷ ᠤᠨ ᠬᠤᠪᠢ ᠶᠢᠨ | ᠰᠠᠭᠤᠴᠠ ᠲᠠᠢ ᠪᠠᠶᠢᠵᠠᠢ᠃ᠰᠦᠮ᠎ᠡ ᠳᠤ ᠭᠤᠣᠯᠳᠠᠭᠤ ᠱᠠᠭᠵᠠᠮᠤᠨᠢ᠂ ᠽᠤᠩᠺᠠᠪᠠ ᠵᠡᠷᠭᠡ ᠪᠤᠷᠬᠠᠨ ᠤ ᠬᠥᠷᠥᠭ ᠢ | ᠳᠠᠭᠢᠳᠠᠭ᠃ᠮᠦᠷᠤᠭ᠍ᠴᠡᠭᠡ ᠶᠢᠨ ᠰᠦᠮ᠎ᠡ ᠶᠢᠨ ᠶᠡᠬᠡᠩᠬᠢ ᠰᠦᠮ᠎ᠡ ᠬᠠᠷᠰᠢ ᠨᠢ 1941 ᠣᠨ ᠳᠤ ᠳᠠᠶᠢᠨ ᠳᠤ | ᠡᠪᠳᠡᠭᠳᠡᠵᠡᠢ᠃ᠤᠯᠤᠰ ᠪᠠᠶᠢᠭᠤᠯᠤᠭᠳᠠᠭᠰᠠᠨ ᠤ ᠳᠠᠷᠠᠭ᠎ᠠ ᠣᠯᠠᠨ ᠤᠳᠠᠭ᠎ᠠ ᠵᠠᠰᠠᠨ ᠰᠡᠯᠪᠢᠵᠦ᠂ ᠣᠳᠣᠬᠠᠨ ᠳᠤ ᠪᠠᠰᠠ | 10 ᠭᠠᠷᠤᠢ ᠲᠠᠰᠤᠯᠭ᠎ᠠ ᠰᠦᠮ᠎ᠡ ᠬᠡᠶᠢᠳ ᠲᠤ ᠬᠡᠷᠡᠭᠯᠡᠬᠦ ᠭᠡᠷ ᠪᠠᠶᠢᠰᠢᠩ ᠲᠠᠢ ᠪᠠᠶᠢᠵᠤ᠂ ᠨᠢᠭᠤᠷ ᠲᠠᠯ᠎ᠠ ᠳᠤᠨᠢ 3 | ᠲᠠᠰᠤᠯᠭ᠎ᠠ ᠲᠣᠮᠣ ᠭᠤᠣᠯ ᠬᠠᠷᠰᠢ ᠲᠠᠢ᠂ ᠰᠠᠷᠠᠪᠴᠢ ᠶᠢᠨ ᠵᠢᠷᠤᠭ ᠲᠠᠢ᠂ ᠡᠷᠲᠡᠨ ᠤ ᠥᠩᠭᠡ ᠲᠠᠢ ᠡᠷᠲᠡᠨ ᠤ | ᠦᠨᠦᠷ ᠠᠮᠲᠠ ᠲᠠᠢ᠃ ᠭᠡᠷ ᠪᠠᠶᠢᠰᠢᠩ ᠤᠨ ᠨᠢᠷᠤᠭᠤᠨ ᠳᠤ ᠬᠥᠬᠡ ᠲᠣᠭᠤᠰᠬ᠎ᠠ ᠪᠠᠷ ᠬᠤᠶᠠᠷ ᠮᠥᠷ ᠲᠣᠭᠤᠨᠣᠯᠵᠢᠨ | ᠵᠠᠢ ᠲᠠᠢ᠂ ᠭᠡᠷ ᠪᠠᠶᠢᠰᠢᠩ ᠤᠨ ᠨᠢᠷᠤᠭᠤᠨ ᠤ ᠭᠤᠣᠯ ᠳᠤᠮᠳᠠ ᠨᠢ 1 ᠮᠧᠲᠷ ᠣᠷᠴᠢᠮ ᠥᠨᠳᠥᠷ ᠰᠤᠪᠤᠷᠭᠠᠨ | ᠬᠡᠯᠪᠡᠷᠢᠲᠡᠢ ᠴᠢᠮᠡᠭᠯᠡᠯ ᠪᠠᠶᠢᠳᠠᠭ᠃ᠭᠡᠷ ᠤᠨ ᠨᠢᠷᠤᠭᠤ ᠶᠢᠨ ᠬᠤᠶᠠᠷ ᠲᠠᠯ᠎ᠠ ᠳᠤ ᠲᠤᠰ ᠪᠦᠷᠢ ᠨᠢᠭᠡ ᠯᠣᠣ ᠶᠢᠨ | ᠲᠣᠯᠣᠭᠠᠢ ᠶᠢᠨ ᠬᠡᠯᠪᠡᠷᠢ ᠲᠠᠢ︔ ᠬᠡᠷᠡᠮ ᠤᠨ ᠡᠮᠦᠨ᠎ᠡ ᠬᠤᠶᠢᠨ᠎ᠠ ᠰᠠᠷᠠᠪᠴᠢᠨ ᠳᠤ ᠲᠤᠰ ᠪᠦᠷᠢ ᠨᠢᠭᠡ ᠠᠷᠰᠯᠠᠨ ᠤ | ᠬᠡᠯᠪᠡᠷᠢ ᠲᠠᠢ ᠪᠥᠭᠡᠳ ᠳᠡᠭᠡᠷ᠎ᠡ ᠨᠢ ᠰᠠᠯᠬᠢᠨ ᠬᠤᠩᠬᠤ ᠡᠯᠭᠦᠭᠰᠡᠨ ᠪᠠᠶᠢᠳᠠᠭ᠃ᠭᠤᠣᠯ ᠳᠤᠭᠠᠩ ᠤᠨ ᠬᠤᠶᠠᠷ | ᠲᠠᠯ᠎ᠠ ᠳᠤ ᠲᠣᠰᠪᠣᠷᠢ 3 ᠲᠠᠰᠤᠯᠭ᠎ᠠ ᠪᠠᠶᠢᠰᠢᠩ ᠪᠠᠶᠢᠳᠠᠭ ᠠᠴᠠ ᠠᠶᠠᠨᠳᠠᠭᠠᠨ ᠨᠢᠭᠡᠨ ᠵᠢᠵᠢᠭ ᠬᠦᠷᠢᠶ᠎ᠡ ᠪᠣᠯᠣᠨ | ᠬᠦᠷᠢᠶᠡᠯᠡᠭᠳᠡᠪᠡ᠃2015 ᠣᠨ ᠳᠤ ᠮᠦᠷᠤᠭ᠍ᠴᠡᠭᠡ ᠶᠢᠨ ᠰᠦᠮ᠎ᠡ ᠶᠢᠨ ᠬᠤᠲᠠ ᠳᠤ ᠰᠢᠨ᠎ᠡ ᠪᠠᠷ ᠮᠦᠷᠤᠭ᠍ᠴᠡᠭᠡ ᠶᠢᠨ | ᠠᠭᠤᠳᠠᠮ ᠲᠠᠯᠠᠪᠠᠢ ᠪᠠᠶᠢᠭᠤᠯᠵᠤ᠂ ᠴᠠᠬᠠᠷ ᠤᠨ ᠵᠣᠷᠢᠭ ᠰᠠᠨᠠᠭᠠᠨ ᠤ ᠰᠣᠶᠣᠯ ᠢ ᠤᠯᠠᠮᠵᠢᠯᠠᠨ ᠵᠠᠯᠭᠠᠮᠵᠢᠯᠠᠬᠤ ᠵᠢᠴᠢ | ᠬᠤᠪᠢᠰᠬᠠᠯ ᠤᠨ ᠨᠥᠭᠴᠢᠭᠰᠡᠨ ᠪᠠᠭᠠᠲᠤᠷᠴᠤᠳ ᠢ ᠳᠤᠷᠠᠰᠤᠨ ᠰᠠᠨᠠᠭᠠᠯᠵᠠᠬᠤ ᠪᠠᠰᠠ ᠨᠢᠭᠡᠨ ᠤᠯᠤᠰ ᠢᠶᠠᠨ ᠬᠠᠶᠢᠷᠠᠯᠠᠬᠤ | ᠦᠵᠡᠯ ᠤᠨ ᠬᠥᠮᠦᠵᠢᠯ ᠤᠨ ᠰᠠᠭᠤᠷᠢᠨ ᠪᠣᠯᠭᠠᠬᠤ ᠶᠢᠨ ᠬᠠᠮᠲᠤ ᠪᠠᠰᠠ ᠤᠯᠠᠭᠠᠨ ᠲᠤᠭ ᠰᠦᠮ᠎ᠡ ᠶᠢᠨ ᠬᠤᠪᠢᠰᠬᠠᠯ ᠤᠨ | ᠵᠤᠭᠠᠴᠠᠯ ᠤᠨ ᠦᠵᠡᠮᠵᠢᠲᠦ ᠣᠷᠣᠨ ᠢ ᠴᠣᠭᠴᠠᠯᠠᠬᠤ ᠳᠤ ᠪᠠᠲᠤ ᠪᠠᠬᠢ ᠰᠣᠶᠣᠯ ᠤᠨ ᠰᠠᠭᠤᠷᠢ ᠶᠢ ᠲᠠᠯᠪᠢᠭᠰᠠᠨ | ᠪᠠᠶᠢᠨ᠎ᠠ᠃ |