ᠬᠤᠩᠭᠢᠯᠳᠤ ᠶᠢᠨ ᠳᠠᠶᠢᠯᠠᠯᠳᠤᠭᠠᠨ ᠤ ᠣᠷᠳᠣᠨ | ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠤᠨ | ᠪᠠᠶᠠᠨᠴᠠᠭᠠᠨ ᠬᠤᠶᠢᠰᠢ ᠪᠠᠨ 30 ᠺᠢᠯᠣᠮᠧᠲᠷ ᠵᠠᠶᠢᠲᠠᠢ ᠭᠠᠵᠠᠷ ᠲᠤ ᠬᠤᠩᠭᠢᠯᠳᠤ ᠭᠡᠳᠡᠭ ᠵᠢᠵᠢᠭ ᠪᠠᠯᠭᠠᠰᠤ ᠪᠠᠶᠢᠳᠠᠭ᠂ | ᠬᠤᠩᠭᠢᠯᠳᠤ ᠭᠡᠳᠡᠭ ᠨᠢ ︽ᠵᠢᠵᠢᠭ ᠬᠤᠲᠣᠭᠤᠷ︾ ᠭᠡᠰᠡᠨ ᠤᠳᠬ᠎ᠠ ᠲᠠᠢ᠃ ᠵᠢᠵᠢᠭ ᠪᠠᠯᠭᠠᠰᠤᠨ ᠳᠤ ᠨᠢᠭᠡ ᠯᠡ | ᠵᠡᠭᠡᠯᠢ ᠲᠠᠢ᠂ ᠭᠤᠷᠪᠠᠨ ᠲᠠᠯ᠎ᠠ ᠪᠠᠷ ᠢᠶᠠᠨ ᠠᠭᠤᠯᠠ ᠪᠠᠷ ᠬᠦᠷᠢᠶᠡᠯᠡᠭᠳᠡᠵᠦ᠂ ᠳᠤᠮᠳᠠ ᠪᠠᠨ ᠬᠤᠲᠣᠭᠤᠷ ᠪᠠᠶᠢᠳᠠᠭ᠃ | ᠠᠳᠡ ᠪᠣᠯ ᠪᠦᠬᠦ ᠤᠯᠤᠰ ᠢ ᠳᠣᠩᠰᠣᠯᠭᠠᠭᠰᠠᠨ ᠶᠠᠫᠤᠨ ᠢ ᠡᠰᠡᠷᠭᠦᠴᠡᠬᠦ ᠳᠠᠶᠢᠨ ᠤ ᠲᠠᠯᠠᠪᠤᠷ ᠪᠠᠶᠢᠭᠰᠠᠨ ᠶᠤᠮ᠃ | | 1936 ᠣᠨ ᠤ 11 ᠰᠠᠷ᠎ᠠ ᠶᠢᠨ 15 ᠤ ᠡᠳᠦᠷ᠂ ᠬᠤᠩᠭᠢᠯᠳᠤ ᠠᠴᠠ ᠪᠣᠯᠵᠤ ᠰᠦᠢᠶᠤᠸᠠᠨ ᠤ ᠵᠡᠭᠦᠨ | ᠬᠤᠶᠢᠲᠤ ᠶᠢᠨ ᠪᠠᠶᠢᠯᠳᠤᠬᠤ ᠪᠣᠳᠣᠯᠭ᠎ᠠ ᠶᠢᠨ ᠴᠢᠬᠤᠯᠠ ᠭᠠᠵᠠᠷ ᠲᠤ ᠪᠠᠶᠢᠷᠢᠯᠠᠵᠤ᠂ ᠶᠠᠫᠤᠨ ᠴᠡᠷᠢᠭ ᠰᠦᠢᠶᠤᠸᠠᠨ ᠢ | ᠲᠦᠷᠢᠮᠡᠬᠡᠶᠢᠯᠡᠨ ᠡᠵᠡᠯᠡᠬᠦ ᠶᠢᠨ ᠲᠥᠯᠥᠭᠡ᠂ 6000 ᠭᠠᠷᠤᠢ ᠶᠠᠫᠤᠨ ᠴᠡᠷᠢᠭ ᠬᠠᠭᠤᠷᠮᠠᠭ ᠴᠡᠷᠢᠭ ᠡᠩ ᠲᠡᠷᠢᠭᠦᠨ ᠳᠤ | ᠲᠤᠰ ᠪᠠᠯᠭᠠᠰᠤ ᠶᠢ ᠭᠠᠯᠵᠠᠭᠤᠷᠠᠭᠰᠠᠨ ᠮᠡᠲᠦ ᠳᠠᠭᠠᠷᠢᠪᠠ᠃ᠡᠳᠦᠷ ᠪᠦᠷᠢ ᠠᠷᠪᠠᠨ ᠬᠡᠳᠦᠨ ᠨᠢᠰᠬᠡᠯ ᠪᠣᠯᠣᠨ ᠤᠯᠠᠨ | ᠶᠡᠭᠡ ᠫᠤᠤ ᠤᠯᠠᠶᠢᠷᠠᠨ ᠳᠡᠯᠪᠡᠴᠡᠵᠦ᠂ ᠰᠦᠢᠶᠤᠸᠠᠨ ᠢ ᠰᠠᠬᠢᠵᠤ ᠪᠠᠶᠢᠭᠰᠠᠨ 300 ᠭᠠᠷᠤᠢ ᠴᠡᠷᠢᠭ ᠠᠷᠠᠳ ᠤᠯᠠᠨ ᠤ | ᠳᠡᠮᠵᠢᠯᠭᠡ ᠪᠠᠷ ᠵᠥᠪᠬᠡᠨ ᠭᠠᠷ ᠲᠠᠬᠢ ᠬᠥᠩᠭᠡᠨ ᠵᠡᠪᠰᠡᠭ ᠢᠶᠠᠷ ᠢᠶᠠᠨ ᠡᠷᠡᠯᠬᠡᠭᠯᠡᠨ ᠡᠰᠡᠷᠭᠦᠴᠡᠵᠦ᠂ ᠡᠴᠦᠰ ᠲᠡᠭᠡᠨ ᠠᠨᠳᠠ | ᠴᠡᠷᠢᠭ ᠤᠨ ᠳᠡᠮᠵᠢᠯᠭᠡ ᠪᠠᠷ 18 ᠤ ᠡᠳᠦᠷ ᠭᠡᠳᠡᠷᠭᠦ ᠳᠠᠭᠠᠷᠢᠯᠲᠠ ᠶᠠᠪᠤᠭᠤᠯᠵᠤ᠂ ᠶᠠᠫᠤᠨ ᠬᠠᠭᠤᠷᠮᠠᠭ ᠴᠡᠷᠢᠭ ᠤᠨ | 1700 ᠭᠠᠷᠤᠢ ᠬᠥᠮᠥᠨ ᠢ ᠠᠯᠠᠵᠤ ᠰᠢᠷᠬᠠᠲᠤᠭᠤᠯᠵᠤ᠂ ᠳᠣᠲᠣᠭᠠᠳᠤ ᠭᠠᠳᠠᠭᠠᠳᠤ ᠶᠢ ᠳᠣᠩᠰᠣᠯᠭᠠᠭᠰᠠᠨ ᠬᠤᠨᠭ᠍ᠭᠧ | ᠶᠢᠨ ᠳᠠᠶᠢᠯᠠᠯᠳᠤᠭᠠᠨ ᠤ ᠢᠯᠠᠯᠲᠠ ᠶᠢ ᠣᠯᠣᠭᠰᠠᠨ ᠪᠠᠶᠢᠨ᠎ᠠ᠃ᠶᠠᠨ ᠠᠨ ᠤ ᠲᠡᠷᠢᠭᠦᠯᠡᠭᠴᠢ ᠮᠠᠤ ᠽᠧ ᠳ᠋ᠦᠩ ᠪᠠᠶᠠᠷ ᠤᠨ | ᠴᠠᠬᠢᠯᠭᠠᠨ ᠮᠡᠳᠡᠭᠡ ᠢᠷᠡᠭᠦᠯᠵᠦ᠄︽ᠰᠦᠢᠶᠤᠸᠠᠨ ᠤ ᠶᠠᠫᠤᠨ ᠢ ᠡᠰᠡᠷᠭᠦᠴᠡᠬᠦ ᠲᠠᠶᠢᠨ ᠤ ᠢᠯᠠᠯᠲᠠ ᠪᠣᠯ ᠪᠦᠬᠦ ᠤᠯᠤᠰ ᠤᠨ | ᠶᠠᠫᠤᠨ ᠢ ᠡᠰᠡᠷᠭᠦᠴᠡᠬᠦ ᠲᠠᠶᠢᠨ ᠤ ᠤᠷᠢᠳᠠᠴᠢ ᠲᠠᠭᠤᠨ ᠮᠥᠨ︾ ᠭᠡᠵᠡᠢ᠃ ᠪᠠᠰᠠ ᠲᠤᠰᠬᠠᠢ ᠬᠥᠮᠥᠨ ᠲᠣᠮᠢᠯᠠᠨ | ᠰᠦᠢᠶᠤᠸᠠᠨ ᠳᠤ ᠣᠴᠢᠭᠤᠯᠵᠤ ᠥᠪᠡᠷ ᠤᠨ ᠭᠠᠷ ᠢᠶᠠᠷ ᠢᠶᠠᠨ ᠪᠢᠴᠢᠭᠰᠡᠨ ᠵᠠᠬᠢᠳᠠᠯ ᠪᠠ ︽ᠤᠯᠤᠰ ᠤᠨ ᠲᠥᠯᠥᠭᠡ | ᠳᠣᠷᠣᠮᠵᠢᠯᠠᠯ ᠢ ᠡᠰᠡᠷᠭᠦᠴᠡᠶ᠎ᠡ︾ ᠭᠡᠰᠡᠨ ᠬᠡᠮᠡᠷᠯᠢᠭ ᠲᠤᠭ ᠢ ᠬᠦᠷᠭᠡᠭᠦᠯᠵᠦ᠂ ᠬᠦᠨᠳᠦᠳᠬᠡᠯ ᠢᠶᠠᠨ ᠢᠯᠡᠳᠬᠡᠵᠡᠢ᠃ᠪᠦᠬᠦ | ᠤᠯᠤᠰ ᠤᠨ ᠠᠷᠠᠳ ᠲᠦᠮᠡᠨ ᠬᠤᠶᠢᠨ᠎ᠠ ᠬᠤᠶᠢᠨ᠎ᠠ ᠠᠴᠠ ᠪᠠᠨ ᠪᠦᠯᠬᠦᠮ ᠪᠠᠶᠢᠭᠤᠯᠤᠨ ᠲᠣᠬᠤᠨᠢᠭᠤᠯᠵᠤ᠂ ᠠᠯᠳᠠᠷᠲᠤ | ᠰᠤᠷᠪᠤᠯᠵᠢᠯᠠᠭᠴᠢ ᠹᠠᠨ ᠴᠠᠩ ᠵᠢᠶᠠᠩ ᠪᠡᠶ᠎ᠡ ᠪᠠᠷ ᠢᠶᠠᠨ ᠪᠠᠶᠢᠯᠳᠤᠭᠠᠨ ᠤ ᠲᠠᠯᠠᠪᠤᠷ ᠲᠤ ᠬᠦᠷᠴᠦ ᠰᠤᠷᠪᠤᠯᠵᠢᠯᠠᠨ᠂ | ᠮᠡᠳᠡᠭᠡᠯᠡᠯ ᠤᠨ ᠤᠷᠠᠨ ᠵᠣᠬᠢᠶᠠᠯ ᠪᠢᠴᠢᠵᠦ︽ᠰᠦᠷᠯᠢᠭ ᠰᠠᠶᠢᠬᠠᠨ ᠪᠣᠯᠪᠠᠰᠤ ᠤᠯᠠᠭᠠᠨ ᠬᠡᠴᠡ ᠪᠠᠷ ᠵᠢᠷᠤᠭᠯᠠᠮᠤᠢ︾ᠭᠡᠰᠡᠨ | ᠨᠢ ᠬᠥᠮᠥᠰ ᠢ ᠡᠷᠬᠡ ᠦᠭᠡᠢ ᠡᠨᠡᠬᠦ ᠪᠠᠭᠠᠲᠤᠷ ᠤᠨ ᠨᠤᠲᠤᠭ ᠳᠡᠪᠢᠰᠬᠡᠷ ᠪᠣᠯᠣᠨ ᠠᠷᠠᠳ ᠲᠦᠮᠡᠨ ᠤ ᠲᠥᠯᠥᠭᠡ | ᠣᠮᠣᠭᠰᠢᠭᠤᠯᠵᠠᠢ᠃ | | ᠣᠶᠢᠷ᠎ᠠ ᠶᠢᠨ ᠵᠢᠯ ᠳᠤ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠢᠨ ᠵᠢᠭᠤᠯᠴᠢᠯᠠᠯ ᠢ | ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠴᠢᠬᠤᠯᠠ ᠪᠠᠶᠢᠯᠳᠤᠬᠤ ᠪᠣᠳᠣᠯᠭ᠎ᠠ ᠶᠢᠨ ᠨᠢᠭᠡ ᠪᠠᠷ ᠲᠣᠭᠲᠠᠭᠠᠵᠤ᠂ ︽ | ᠰᠣᠶᠣᠯ ᠤᠨ ᠵᠢᠭᠤᠯᠴᠢᠯᠠᠯ ᠠᠭᠤᠰᠤᠯᠴᠠᠭᠰᠠᠨ︾ ᠣᠯᠠᠨ ᠡᠰᠢᠲᠦ ᠵᠢᠭᠤᠯᠴᠢᠯᠠᠯ ᠤᠨ ᠠᠵᠤ ᠦᠢᠯᠡᠰ ᠤᠨ ᠰᠢᠰᠲ᠋ᠧᠮ ᠢ | ᠪᠠᠶᠢᠭᠤᠯᠬᠤ ᠶᠢ ᠯᠠᠪᠳᠠᠭᠤᠨ ᠢᠶᠠᠷ ᠠᠬᠢᠭᠤᠯᠵᠤ᠂ ᠢᠯᠠᠩᠭᠤᠶ᠎ᠠ ᠬᠤᠩᠭᠢᠯᠳᠤ ᠶᠢᠨ ᠳᠠᠶᠢᠯᠠᠯᠳᠤᠭᠠᠨ ᠤ ᠪᠠᠭᠤᠷᠢ ᠶᠢ | ᠭᠤᠣᠯᠳᠠᠯᠭ᠎ᠠ ᠲᠠᠢ ᠬᠠᠮᠠᠭᠠᠯᠠᠵᠤ᠂ ᠬᠤᠩᠭᠢᠯᠳᠤ ᠶᠢᠨ ᠳᠠᠶᠢᠯᠠᠯᠳᠤᠭᠠᠨ ᠤ ᠦᠵᠡᠰᠬᠦᠯᠡᠩ ᠤᠨ ᠣᠷᠳᠣᠨ ᠵᠡᠷᠭᠡ ᠰᠠᠭᠤᠷᠢ | ᠲᠥᠬᠦᠭᠡᠷᠦᠮᠵᠢ ᠶᠢ ᠲᠤᠰᠬᠠᠶᠢᠯᠠᠨ ᠡᠭᠦᠳᠦᠨ ᠪᠠᠶᠢᠭᠤᠯᠪᠠ᠃ | ᠥᠨᠥᠳᠥᠷ ᠤᠨ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠤᠩᠭᠢᠯᠳᠤ ᠪᠠᠯᠭᠠᠰᠤ ᠶᠢᠨ | ᠬᠤᠩᠭᠢᠯᠳᠤ ᠲᠣᠰᠬᠤᠨ ᠤ ᠲᠥᠪ ᠲᠠᠯᠠᠪᠠᠢ ᠳᠤ ᠰᠡᠬᠦᠶᠢᠨ ᠰᠦᠨᠳᠡᠷᠯᠡᠵᠦ ᠪᠠᠶᠢᠭ᠎ᠠ ᠳᠤᠷᠠᠰᠬᠠᠯ ᠤᠨ ᠬᠥᠰᠢᠶ᠎ᠡ᠂ | ᠰᠢᠷᠣᠢ ᠶᠢᠨ ᠫᠤᠤ ᠵᠢᠴᠢ ᠨᠢᠭᠡ ᠪᠦᠯᠦᠭ ᠪᠠᠶᠢᠯᠳᠤᠭᠠᠨ ᠤ ᠱᠤᠭᠤᠮᠠᠯ ᠨᠢ ᠲᠣᠰᠬᠤᠨ ᠤ ᠭᠠᠳᠠᠭᠤᠷᠬᠢ ᠰᠢᠷᠣᠢ ᠶᠢᠨ | ᠪᠠᠬᠢᠯᠡᠯᠲᠡ᠂ ᠪᠠᠶᠢᠯᠳᠤᠭᠠᠨ ᠤ ᠰᠤᠪᠠᠭ ᠵᠡᠷᠭᠡ ᠬᠤᠩᠭᠢᠯᠳᠤ ᠶᠢᠨ ᠳᠠᠶᠢᠯᠠᠯᠳᠤᠭᠠᠨ ᠤ ᠪᠠᠭᠤᠷᠢ ᠲᠠᠢ ᠰᠣᠯᠪᠢᠴᠠᠨ | ᠬᠡᠷᠡᠯᠳᠦᠵᠦ᠂ ᠵᠤᠭᠠᠴᠠᠭᠰᠠᠳ ᠢ ᠲᠠᠶᠢᠨ ᠤ ᠭᠠᠯ ᠳᠦᠷᠡᠯᠵᠡᠵᠦ ᠪᠠᠶᠢᠭᠰᠠᠨ ᠴᠠᠭ ᠦᠶ᠎ᠡ ᠳᠤ ᠪᠤᠴᠠᠵᠤ ᠢᠷᠡᠭᠰᠡᠨ ᠮᠡᠲᠦ | ᠪᠣᠯᠭᠠᠵᠤ᠂ ᠵᠤᠭᠠᠴᠠᠨ ᠲᠣᠭᠤᠷᠢᠬᠤ ᠶᠢᠨ ᠬᠠᠮᠲᠤ ᠤᠯᠤᠰ ᠢᠶᠠᠨ ᠬᠠᠶᠢᠷᠠᠯᠠᠬᠤ ᠦᠵᠡᠯ ᠤᠨ ᠬᠥᠮᠦᠵᠢᠯ ᠢ ᠬᠦᠷᠲᠡᠵᠡᠢ᠃ | | |