ᠣᠶᠢᠷ᠎ᠠ ᠶᠢᠨ ᠵᠢᠯ ᠤᠳ ᠲᠤ᠂ ᠣᠶᠢᠷ᠎ᠠ ᠬᠠᠷᠠᠭ᠎ᠠ ᠪᠠᠭ᠎ᠠ ᠨᠠᠰᠤᠨ ᠤ ᠬᠥᠮᠥᠰ ᠤᠨ ᠳᠤᠮᠳᠠ ᠣᠯᠠᠨ ᠡᠭᠦᠰᠴᠦ᠂ | 2020 ᠣᠨ ᠳᠤ ᠮᠠᠨ ᠤ ᠤᠯᠤᠰ ᠤᠨ ᠬᠡᠦᠬᠡᠳ ᠪᠠᠭᠠᠴᠤᠳ ᠤᠨ ᠶᠡᠷᠦᠩᠬᠡᠢ ᠣᠶᠢᠷ᠎ᠠ ᠬᠠᠷᠠᠭ᠎ᠠ ᠶᠢᠨ ᠨᠣᠷᠮ᠎ᠠ 52. | 7% ᠳᠤ ᠬᠦᠷᠴᠦ᠂ ᠣᠶᠢᠷ᠎ᠠ ᠬᠠᠷᠠᠭ᠎ᠠ ᠶᠢ ᠰᠡᠷᠭᠡᠶᠢᠯᠡᠨ ᠡᠵᠡᠮᠳᠡᠬᠦ ᠶᠠᠪᠤᠳᠠᠯ ᠢ ᠠᠯᠭᠤᠷᠯᠠᠵᠤ ᠪᠣᠯᠣᠰᠢ ᠦᠭᠡᠢ ᠶᠤᠮ᠃ | ᠶᠠᠮᠠᠷ ᠶᠠᠮᠠᠷ ᠰᠢᠨᠵᠢᠯᠡᠬᠦ ᠤᠬᠠᠭᠠᠨᠴᠢ ᠰᠡᠷᠭᠡᠶᠢᠯᠡᠨ ᠡᠵᠡᠮᠳᠡᠬᠦ ᠠᠷᠭ᠎ᠠ ᠪᠠᠷᠢᠯ ᠪᠠᠶᠢᠬᠤ ᠪᠤᠢ︖ | ᠣᠶᠢᠷ᠎ᠠ ᠳᠤ᠂ ᠱᠠᠨᠳᠦ᠋ᠩ ᠤᠨ ᠽᠢᠪᠦ᠋ᠥᠸ᠋ ᠬᠤᠲᠠ ᠳᠤ ᠰᠠᠭᠤᠵᠤ ᠪᠠᠶᠢᠭ᠎ᠠ ᠪᠠᠭ᠎ᠠ ᠰᠤᠷᠭᠠᠭᠤᠯᠢ ᠶᠢᠨ | ᠰᠣᠷᠣᠭᠴᠢ ᠰᠦᠨ ᠢ ᠨᠢᠩ ᠡᠵᠢ ᠳᠡᠭᠡᠨ ᠰᠠᠮᠪᠠᠷ᠎ᠠ ᠶᠢ ᠪᠠᠰᠠ ᠲᠣᠳᠣᠷᠬᠠᠢ ᠣᠯᠵᠤ ᠦᠵᠡᠬᠦ ᠦᠭᠡᠢ ᠪᠣᠯᠵᠠᠢ ᠭᠡᠵᠦ | ᠬᠡᠯᠡᠭᠰᠡᠨ ᠳᠤ ᠭᠡᠷ ᠤᠨ ᠠᠬᠠᠮᠠᠳ ᠨᠢ ᠳᠠᠷᠤᠶᠢᠬᠠᠨ ᠬᠡᠦᠬᠡᠳ ᠢᠶᠠᠨ ᠡᠮᠨᠡᠯᠭᠡ ᠳᠤ ᠠᠪᠠᠴᠢᠵᠤ ᠪᠠᠶᠢᠴᠠᠭᠠᠯᠭᠠᠭᠰᠠᠨ ᠳᠤ᠂ | ᠬᠡᠦᠬᠡᠳ ᠤᠨ ᠣᠶᠢᠷ᠎ᠠ ᠬᠠᠷᠠᠭ᠎ᠠ ᠶᠢᠨ ᠬᠡᠮᠵᠢᠶ᠎ᠡ ᠨᠢ ᠪᠠᠰᠠ ᠨᠡᠮᠡᠭᠳᠡᠭᠰᠡᠨ ᠢ ᠣᠯᠵᠤ ᠮᠠᠲᠠᠵᠠᠢ᠃ | ᠭᠡᠷ ᠤᠨ ᠠᠬᠠᠮᠠᠳ ᠸᠠᠩ ᠳ᠋ᠠᠨ ᠴᠢᠩ᠄ ᠲᠡᠷᠡ ᠨᠢᠭᠡᠳᠦᠭᠡᠷ ᠣᠨ ᠤ ᠳᠣᠣᠷ᠎ᠠ ᠬᠠᠭᠠᠰ ᠰᠤᠷᠤᠯᠭ᠎ᠠ ᠶᠢᠨ | ᠬᠤᠭᠤᠴᠠᠭ᠎ᠠ ᠠᠴᠠ 7 ᠨᠠᠰᠤᠨ ᠠᠴᠠ ᠡᠬᠢᠯᠡᠨ ᠣᠶᠢᠷ᠎ᠠ ᠬᠠᠷᠠᠭ᠎ᠠ ᠲᠠᠢ ᠪᠣᠯᠵᠤ᠂ ᠣᠶᠢᠷ᠎ᠠ ᠬᠠᠷᠠᠭ᠎ᠠ ᠲᠠᠢ ᠪᠣᠯᠤᠭᠰᠠᠨ ᠤ | ᠳᠠᠷᠠᠭ᠎ᠠ ᠬᠥᠭᠵᠢᠳᠡᠭ᠂ ᠣᠳᠣ ᠲᠠᠪᠤᠳᠤᠭᠠᠷ ᠣᠨ ᠪᠣᠯᠬᠤ ᠳᠤ ᠵᠡᠭᠦᠨ ᠪᠠᠷᠠᠭᠤᠨ ᠨᠢᠳᠦᠨ ᠤ ᠣᠶᠢᠷ᠎ᠠ ᠬᠠᠷᠠᠭ᠎ᠠ ᠶᠢᠨ | ᠬᠡᠮᠵᠢᠶ᠎ᠡ ᠶᠢᠨ ᠵᠥᠷᠢᠶ᠎ᠡ ᠨᠢ ᠳᠠᠩᠴᠤ ᠶᠡᠭᠡ ᠪᠣᠯᠵᠠᠢ᠃ | ᠤᠯᠤᠰ ᠤᠨ ᠬᠡᠦᠬᠡᠳ ᠤᠨ ᠠᠨᠠᠭᠠᠬᠤ ᠤᠬᠠᠭᠠᠨ ᠤ ᠲᠥᠪ ᠤᠨ ᠪᠡᠭᠡᠵᠢᠩ ᠤᠨ ᠬᠡᠦᠬᠡᠳ ᠤᠨ ᠡᠮᠨᠡᠯᠭᠡ ᠶᠢᠨ | ᠬᠤᠷᠢᠶᠠᠨ ᠤ ᠨᠢᠳᠦᠨ ᠤ ᠰᠠᠯᠠᠭᠠᠨ ᠤ ᠡᠷᠬᠢᠯᠡᠭᠴᠢ ᠯᠢ ᠯᠢ᠄ ᠬᠡᠦᠬᠡᠳ ᠤᠨ ᠨᠠᠰᠤᠨ ᠤ ᠨᠡᠮᠡᠭᠳᠡᠬᠦ ᠶᠢ ᠳᠠᠭᠠᠯᠳᠤᠨ᠂ | ᠪᠡᠶ᠎ᠡ ᠨᠢ ᠥᠨᠳᠥᠷ ᠪᠣᠯᠵᠤ ᠪᠠᠶᠢᠨ᠎ᠠ᠂ ᠦᠨᠡᠨ ᠳᠡᠭᠡᠨ ᠨᠢᠳᠦᠨ ᠴᠡᠴᠡᠭᠡᠢ ᠨᠢ ᠴᠦ ᠪᠣᠶᠢᠵᠢᠵᠤ ᠪᠠᠶᠢᠨ᠎ᠠ᠂ ᠵᠢᠱᠢᠶᠡᠯᠡᠪᠡᠯ | ᠨᠢᠳᠦᠨ ᠤ ᠲᠡᠩᠭᠡᠯᠢᠭ ᠨᠢ ᠣᠷᠳᠣ ᠪᠣᠯᠵᠤ ᠪᠠᠶᠢᠨ᠎ᠠ᠂ ᠲᠡᠭᠦᠨ ᠤ ᠡᠪᠡᠷᠯᠢᠭ ᠪᠦᠷᠬᠦᠪᠴᠢ ᠶᠢᠨ ᠮᠤᠷᠤᠶᠢᠮᠵᠢ᠂ | ᠲᠠᠯᠠᠰᠯᠢᠭ ᠪᠡᠶ᠎ᠡ ᠶᠢᠨ ᠮᠤᠷᠤᠶᠢᠮᠵᠢ ᠨᠢ ᠪᠠᠰᠠ ᠪᠠᠭᠤᠷᠠᠵᠤ ᠮᠡᠳᠡᠨ᠎ᠡ᠃ | ᠲᠤᠰᠬᠠᠢ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠭᠡᠷ ᠤᠨ ᠠᠬᠠᠮᠠᠳ ᠲᠣᠭᠲᠠᠮᠠᠯ ᠬᠤᠭᠤᠴᠠᠭ᠎ᠠ ᠲᠠᠢ ᠪᠠᠷ | ᠬᠡᠦᠬᠡᠳ ᠲᠡᠭᠡᠨ ᠬᠠᠷᠠᠭᠠᠨ ᠤ ᠪᠠᠶᠢᠴᠠᠭᠠᠯᠲᠠ ᠬᠢᠵᠦ᠂ 1 - 3 ᠨᠠᠰᠤᠨ ᠤ ᠬᠡᠦᠬᠡᠳ ᠲᠤ ᠬᠠᠭᠠᠰ ᠵᠢᠯ ᠳᠤ ᠨᠢᠭᠡ | ᠤᠳᠠᠭ᠎ᠠ ᠬᠡᠷᠡᠯ ᠤᠨ ᠨᠤᠭᠤᠷᠠᠯᠲᠠ ᠶᠢᠨ ᠪᠠᠶᠢᠴᠠᠭᠠᠯᠲᠠ ᠬᠢᠵᠦ᠂ ᠬᠡᠦᠬᠡᠳ ᠤᠨ ᠬᠤᠯᠠ ᠬᠠᠷᠠᠭ᠎ᠠ᠂ ᠣᠶᠢᠷ᠎ᠠ ᠬᠠᠷᠠᠭ᠎ᠠ᠂ | ᠬᠠᠷᠠᠭ᠎ᠠ ᠰᠠᠷᠨᠢᠯ᠂ ᠬᠡᠷᠡᠯ ᠤᠨ ᠨᠤᠭᠤᠷᠠᠯᠲᠠ ᠶᠢᠨ ᠵᠥᠷᠢᠶ᠎ᠡ ᠵᠡᠷᠭᠡ ᠬᠠᠷᠠᠭ᠎ᠠ ᠶᠢ ᠮᠠᠭᠤᠳᠠᠭᠤᠯᠬᠤ ᠠᠶᠤᠯ ᠶᠡᠬᠡᠲᠡᠢ | ᠬᠦᠴᠦᠨ ᠵᠦᠢᠯ ᠪᠠᠶᠢᠬᠤ ᠡᠰᠡᠬᠦ ᠶᠢ ᠣᠶᠢᠯᠠᠭᠠᠬᠤ ᠬᠡᠷᠡᠭᠲᠡᠢ᠃ ᠭᠡᠬᠦ ᠳᠡᠭᠡᠨ 4 ᠨᠠᠰᠤᠨ ᠠᠴᠠ ᠡᠬᠢᠯᠡᠨ ᠬᠠᠭᠠᠰ | ᠵᠢᠯ ᠳᠤ ᠨᠢᠭᠡ ᠤᠳᠠᠭ᠎ᠠ ᠬᠠᠷᠠᠭᠠᠨ ᠤ ᠪᠠᠶᠢᠴᠠᠭᠠᠯᠲᠠ ᠬᠢᠬᠦ ᠬᠡᠷᠡᠭᠲᠡᠢ᠂ ᠢᠯᠠᠩᠭᠤᠶ᠎ᠠ ᠰᠤᠷᠬᠤ ᠨᠠᠰᠤᠨ ᠠᠴᠠ ᠡᠮᠦᠨ᠎ᠡ | ᠬᠡᠦᠬᠡᠳ ᠤᠨ ᠬᠤᠯᠠ ᠬᠠᠷᠠᠭᠠᠨ ᠤ ᠨᠥᠭᠡᠴᠡ ᠶᠢᠨ ᠪᠠᠶᠢᠳᠠᠯ ᠢ ᠣᠶᠢᠯᠠᠭᠠᠵᠤ᠂ ᠰᠤᠷᠬᠤ ᠨᠠᠰᠤᠨ ᠠᠴᠠ ᠡᠮᠦᠨᠡᠬᠢ︽ | ᠬᠤᠯᠠ ᠬᠠᠷᠠᠭᠠᠨ ᠤ ᠨᠥᠭᠡᠴᠡ︾ ᠶᠢᠨ ᠬᠤᠷᠣᠭᠳᠠᠯ ᠢ ᠬᠡᠳᠦ ᠡᠷᠲᠡ ᠬᠡᠳᠦ ᠲᠦᠷᠭᠡᠨ ᠪᠣᠯᠭᠠᠬᠤ ᠠᠴᠠ ᠵᠠᠶᠢᠯᠠᠰᠬᠢᠬᠦ | ᠬᠡᠷᠡᠭᠲᠡᠢ᠃ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠲᠣᠭᠲᠠᠭᠠᠯ ᠢ ᠦᠨᠳᠦᠰᠦᠯᠡᠪᠡᠯ᠂ 0 | —— 6 ᠨᠠᠰᠤᠨ ᠤ ᠬᠡᠦᠬᠡᠳ ᠲᠤ 13 ᠤᠳᠠᠭᠠᠨ ᠤ ᠨᠢᠳᠦᠨ ᠤ ᠡᠷᠡᠭᠦᠯ ᠮᠡᠨᠳᠦ ᠶᠢᠨ ᠪᠠᠶᠢᠴᠠᠭᠠᠯᠲᠠ ᠬᠢᠬᠦ | ᠬᠡᠷᠡᠭᠲᠡᠢ᠃ | ᠬᠡᠦᠬᠡᠳ ᠣᠶᠢᠷ᠎ᠠ ᠬᠠᠷᠠᠭ᠎ᠠ ᠲᠠᠢ ᠪᠣᠯᠴᠢᠬᠠᠪᠠᠯ ᠨᠢᠳᠦᠨ ᠰᠢᠯ ᠵᠡᠭᠦᠬᠦ ᠦᠭᠡᠢ ᠪᠠᠶᠢᠵᠤ ᠪᠣᠯᠣᠨ᠎ᠠ ᠤᠤ︖ | ᠣᠶᠢᠷ᠎ᠠ ᠬᠠᠷᠠᠭ᠎ᠠ ᠶᠢᠨ ᠨᠡᠮᠡᠭᠳᠡᠯ ᠪᠣᠯ ᠨᠢᠳᠦᠨ ᠤ ᠲᠡᠩᠭᠡᠯᠢᠭ ᠤᠨ ᠨᠡᠮᠡᠭᠳᠡᠯ ᠠᠴᠠ ᠪᠣᠯᠤᠭᠰᠠᠨ ᠶᠤᠮ᠂ | ᠣᠳᠣᠬᠠᠨ ᠤ ᠡᠶᠢᠮᠦᠷᠬᠦᠦ ᠬᠥᠭᠵᠢᠯᠲᠡ ᠶᠢᠨ ᠶᠠᠪᠤᠴᠠ ᠪᠣᠯ ᠪᠤᠴᠠᠰᠢ ᠦᠭᠡᠢ ᠶᠤᠮ᠃ ᠡᠶᠢᠮᠦ ᠠᠴᠠ ᠣᠶᠢᠷ᠎ᠠ | ᠬᠠᠷᠠᠭ᠎ᠠ ᠶᠢᠨ ᠬᠡᠮᠵᠢᠶ᠎ᠡ ᠶᠢᠨ ᠨᠡᠮᠡᠭᠳᠡᠬᠦ ᠶᠢ ᠰᠡᠷᠭᠡᠶᠢᠯᠡᠬᠦ ᠳᠤ ᠡᠷᠬᠡᠪᠰᠢ ᠴᠠᠭ ᠲᠤᠬᠠᠢ ᠳᠤᠨᠢ ᠰᠢᠯ ᠵᠡᠭᠦᠵᠦ | ᠵᠠᠯᠠᠷᠠᠭᠤᠯᠬᠤ ᠬᠡᠷᠡᠭᠲᠡᠢ᠂ ᠡᠰᠡ ᠲᠡᠭᠡᠪᠡᠯ ᠠᠮᠠᠷᠬᠠᠨ ᠨᠢᠳᠦᠨ ᠬᠡᠰᠡᠭ ᠤᠨ ᠶᠠᠳᠠᠷᠠᠯ ᠤᠨ ᠢᠯᠡᠷᠡᠯ ᠢ ᠬᠦᠨᠳᠦᠷᠡᠭᠦᠯᠵᠦ᠂ | ᠣᠶᠢᠷ᠎ᠠ ᠬᠠᠷᠠᠭ᠎ᠠ ᠶᠢᠨ ᠠᠬᠢᠴᠠ ᠶᠢ ᠲᠦᠷᠭᠡᠳᠬᠡᠨ᠎ᠡ᠃ ᠭᠡᠪᠡᠴᠦ ᠵᠠᠷᠢᠮ ᠭᠡᠷ ᠤᠨ ᠠᠬᠠᠮᠠᠳ ᠨᠢᠳᠦᠨ ᠰᠢᠯ ᠬᠡᠳᠦᠢ | ᠭᠦᠨ ᠵᠡᠭᠦᠪᠡᠯ ᠨᠢᠳᠦ ᠨᠢ ᠪᠠᠰᠠ ᠳᠣᠪᠤᠶᠢᠵᠤ ᠮᠡᠳᠡᠨ᠎ᠡ ᠭᠡᠵᠦ ᠰᠠᠨᠠᠭ᠎ᠠ ᠵᠣᠪᠠᠵᠤ ᠪᠠᠶᠢᠨ᠎ᠠ᠂ ᠡᠶᠢᠮᠦ ᠪᠠᠶᠢᠳᠠᠯ ᠳᠤ | ᠣᠷᠣᠰᠢᠨ᠎ᠠ ᠤᠣ?ᠭᠡᠵᠦ ᠪᠣᠳᠣᠵᠦ ᠪᠠᠶᠢᠨ᠎ᠠ᠃ ᠡᠨᠡ ᠨᠢ ᠨᠢᠳᠦᠨ ᠤ ᠰᠢᠯ ᠤᠨ ᠬᠡᠮᠵᠢᠶ᠎ᠡ ᠨᠢ ᠬᠡᠳᠦᠢ ᠭᠦᠨ ᠪᠣᠯᠬᠤ | ᠲᠤᠲᠤᠮ ᠨᠢᠳᠦ ᠨᠢ ᠪᠠᠰᠠ ᠳᠤᠪᠤᠶᠢᠵᠤ ᠮᠡᠳᠡᠨ᠎ᠡ ᠭᠡᠵᠦ ᠪᠣᠳᠣᠵᠦ ᠪᠠᠶᠢᠨ᠎ᠠ᠃ | ᠪᠡᠭᠡᠵᠢᠩ ᠤᠨ ᠬᠡᠦᠬᠡᠳ ᠤᠨ ᠡᠮᠨᠡᠯᠭᠡ ᠶᠢᠨ ᠬᠤᠷᠢᠶᠠᠨ ᠤ ᠨᠢᠳᠦᠨ ᠤ ᠰᠠᠯᠠᠭᠠᠨ ᠤ ᠳᠡᠳ᠋ ᠡᠷᠬᠢᠯᠡᠭᠴᠢ ᠡᠮᠴᠢ | ᠯᠢᠦ ᠸᠧᠨ᠄ ᠦᠨᠡᠨ ᠳᠡᠭᠡᠨ ᠣᠶᠢᠷ᠎ᠠ ᠬᠠᠷᠠᠭ᠎ᠠ ᠲᠠᠢ ᠡᠪᠡᠳᠴᠢᠲᠡᠨ ᠤ ᠨᠢᠳᠦᠨ ᠤ ᠴᠡᠴᠡᠭᠡᠢ ᠳᠣᠪᠤᠶᠢᠵᠤ ᠪᠠᠶᠢᠭ᠎ᠠ ᠨᠢ | ᠨᠢᠳᠦᠨ ᠤ ᠲᠡᠩᠭᠡᠯᠢᠭ ᠣᠶᠢᠷ᠎ᠠ ᠬᠠᠷᠠᠭ᠎ᠠ ᠶᠢᠨ ᠠᠬᠢᠴᠠ ᠶᠢ ᠳᠠᠭᠠᠯᠳᠤᠨ ᠲᠠᠰᠤᠷᠠᠯᠲᠠ ᠦᠭᠡᠢ ᠨᠡᠮᠡᠭᠳᠡᠭᠰᠡᠨ ᠠᠴᠠ | ᠪᠣᠯᠤᠭᠰᠠᠨ ᠶᠤᠮ᠂ ᠬᠠᠷᠢᠨ ᠨᠢᠳᠦᠨ ᠰᠢᠯ ᠵᠡᠭᠦᠭᠰᠡᠨ ᠠᠴᠠ ᠪᠣᠯᠤᠭᠰᠠᠨ ᠪᠢᠰᠢ᠂ ᠬᠠᠷᠢᠨ ᠴᠠᠭ ᠲᠤᠬᠠᠢ ᠳᠤᠨᠢ | ᠲᠣᠬᠢᠷᠠᠮᠵᠢᠲᠠᠢ ᠭᠷᠡᠳᠦ᠋ᠰ ᠤᠨ ᠰᠢᠯ ᠵᠡᠭᠦᠪᠡᠯ ᠣᠶᠢᠷ᠎ᠠ ᠬᠠᠷᠠᠭ᠎ᠠ ᠶᠢᠨ ᠭᠦᠨᠵᠡᠭᠡᠶᠢᠷᠡᠬᠦ ᠶᠢ ᠤᠳᠠᠭᠠᠰᠢᠷᠠᠭᠤᠯᠵᠤ | ᠲᠠᠶᠢᠯᠤᠨ᠎ᠠ᠃ | ᠶᠠᠭᠤᠨ ᠳᠤ ᠴᠡᠴᠡᠭᠡᠢ ᠶᠢᠨ ᠬᠠᠷᠠᠭ᠎ᠠ ᠶᠢ ᠰᠠᠷᠨᠢᠭᠤᠯᠬᠤ ᠪᠠᠶᠢᠴᠠᠭᠠᠯᠲᠠ ᠬᠢᠳᠡᠭ ᠪᠣᠢ︖ | ᠬᠠᠷᠠᠭ᠎ᠠ ᠪᠠᠶᠢᠴᠠᠭᠠᠬᠤ ᠦᠶ᠎ᠡ ᠳᠤ ᠡᠮᠴᠢ ᠠᠴᠠ ᠶᠡᠷᠦ ᠳᠡᠭᠡᠨ ᠬᠡᠦᠬᠡᠳ ᠢ ᠬᠠᠷᠠᠭ᠎ᠠ ᠰᠠᠷᠨᠢᠭᠤᠯᠤᠭᠰᠠᠨ ᠤ | ᠳᠠᠷᠠᠭ᠎ᠠ ᠬᠠᠷᠠᠭ᠎ᠠ ᠪᠠᠶᠢᠴᠠᠭᠠᠯᠭᠠᠬᠤ ᠪᠠᠷ ᠱᠠᠭᠠᠷᠳᠠᠳᠠᠭ᠂ ᠵᠠᠷᠢᠮ ᠭᠡᠷ ᠤᠨ ᠠᠬᠠᠮᠠᠳ ᠬᠠᠷᠠᠭ᠎ᠠ ᠰᠠᠷᠨᠢᠭᠤᠯᠬᠤ ᠨᠢ | ᠨᠢᠳᠦᠨ ᠳᠤ ᠬᠤᠣᠷ ᠲᠠᠢ ᠤᠤ︖ ᠭᠡᠵᠦ ᠰᠠᠨᠠᠭ᠎ᠠ ᠵᠣᠪᠠᠳᠠᠭ᠃ ᠲᠤᠰᠬᠠᠢ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ | ᠂ ᠬᠡᠷᠡᠯ ᠤᠨ ᠨᠤᠭᠤᠷᠠᠯᠲᠠ ᠬᠡᠪ ᠤᠨ ᠪᠤᠰᠤ᠂ ᠬᠢᠯᠠᠷ ᠬᠠᠷᠠᠭ᠎ᠠ ᠲᠠᠢ᠂ ᠬᠠᠷᠠᠭ᠎ᠠ ᠮᠠᠭᠤᠳᠠᠬᠤ ᠠᠶᠤᠯ ᠲᠠᠢ ᠬᠡᠦᠬᠡᠳ ᠲᠤ | ᠡᠷᠬᠡᠪᠰᠢ ᠴᠡᠴᠡᠭᠡᠢ ᠶᠢ ᠰᠠᠷᠨᠢᠭᠤᠯᠬᠤ ᠠᠷᠭ᠎ᠠ ᠪᠠᠷ ᠪᠠᠶᠢᠴᠠᠭᠠᠯᠲᠠ ᠬᠢᠬᠦ ᠬᠡᠷᠡᠭᠲᠡᠢ᠃ | ᠤᠯᠤᠰ ᠤᠨ ᠬᠡᠦᠬᠡᠳ ᠤᠨ ᠠᠨᠠᠭᠠᠬᠤ ᠤᠬᠠᠭᠠᠨ ᠤ ᠲᠥᠪ ᠤᠨ ᠪᠡᠭᠡᠵᠢᠩ ᠤᠨ ᠬᠡᠦᠬᠡᠳ ᠤᠨ ᠡᠮᠨᠡᠯᠭᠡ ᠶᠢᠨ | ᠬᠤᠷᠢᠶᠠᠨ ᠤ ᠨᠢᠳᠦᠨ ᠰᠠᠯᠠᠭᠠᠨ ᠤ ᠡᠷᠬᠢᠯᠡᠭᠴᠢ ᠯᠢ ᠯᠢ᠄ ᠪᠢᠳᠡ ᠲᠡᠭᠦᠨ ᠤ ᠰᠣᠷᠮᠤᠤᠰᠤᠯᠢᠭ ᠪᠤᠯᠴᠢᠩ ᠢ ᠪᠦᠷᠢᠮᠦᠰᠦᠨ | ᠰᠤᠯᠠᠳᠬᠠᠨᠠ᠂ ᠥᠭᠡᠷ᠎ᠡ ᠪᠠᠷ ᠬᠡᠯᠡᠪᠡᠯ ᠲᠣᠬᠢᠷᠠᠭᠤᠯᠬᠤ ᠴᠢᠳᠠᠪᠤᠷᠢ ᠶᠢ ᠬᠠᠮᠤᠭ ᠤᠨ ᠳᠣᠣᠷ᠎ᠠ ᠬᠡᠮᠵᠢᠶᠡᠨ ᠳᠤ ᠬᠦᠷᠲᠡᠯ᠎ᠡ | ᠪᠠᠭᠤᠷᠠᠭᠤᠯᠤᠨ᠎ᠠ᠂ ᠡᠨᠡ ᠦᠶ᠎ᠡ ᠳᠤ ᠣᠯᠣᠭᠰᠠᠨ ᠭᠡᠷᠡᠯ ᠪᠠᠶᠢᠴᠠᠭᠠᠯᠲᠠ ᠶᠢᠨ ᠦᠷ᠎ᠡ ᠳ᠋ᠦᠩ ᠨᠢ ᠬᠠᠮᠤᠭ ᠤᠨ | ᠣᠨᠣᠪᠴᠢᠲᠠᠶ᠂ ᠬᠠᠮᠤᠭ ᠤᠨ ᠪᠤᠰᠤᠳᠴᠢ ᠪᠠᠶᠢᠬᠤ ᠶᠣᠰᠣᠲᠠᠢ᠃ | ᠣᠳᠣᠬᠠᠨ ᠳᠤ ᠣᠶᠢᠷ᠎ᠠ ᠬᠠᠷᠠᠭ᠎ᠠ ᠶᠢ ᠡᠵᠡᠮᠳᠡᠬᠦ ᠨᠡᠯᠢᠶᠡᠳ ᠪᠦᠲᠦᠮᠵᠢᠲᠡᠶ ᠵᠠᠰᠠᠯᠭ᠎ᠠ ᠶᠢᠨ ᠠᠷᠭ᠎ᠠ ᠳᠤ ᠡᠪᠡᠷᠯᠢᠭ | ᠪᠦᠷᠬᠦᠪᠴᠢ ᠶᠢᠨ ᠰᠦᠯᠢᠶᠥᠦ ᠳᠤᠷᠠᠨ᠂ ᠥᠭᠡᠷ᠎ᠡ ᠪᠠᠷ ᠬᠡᠯᠡᠪᠡᠯ OK ᠳᠤᠷᠠᠨ᠂ ᠣᠯᠠᠨ ᠲᠥᠪᠯᠡᠷᠡᠯ ᠤᠨ ᠴᠡᠭ ᠲᠠᠢ | ᠬᠦᠷᠦᠯᠴᠡᠬᠦ ᠵᠥᠭᠡᠯᠡᠨ ᠳᠤᠷᠠᠨ᠂ ᠣᠶᠢᠷ᠎ᠠ ᠬᠠᠷᠠᠭ᠎ᠠ ᠶᠢᠨ ᠲᠥᠪᠯᠡᠷᠡᠯ ᠠᠴᠠ ᠵᠠᠶᠢᠳᠠᠭᠰᠠᠨ ᠨᠢᠳᠦᠨ ᠰᠢᠯ ᠵᠡᠷᠭᠡ | ᠪᠠᠭᠲᠠᠨ᠎ᠠ᠂ ᠡᠮᠴᠢ ᠶᠢᠨ ᠵᠢᠯᠣᠭᠤᠳᠤᠯᠭ᠎ᠠ ᠳᠣᠣᠷ᠎ᠠ ᠬᠡᠦᠬᠡᠳ ᠲᠤ ᠲᠣᠬᠢᠷᠠᠮᠵᠢᠲᠠᠢ ᠬᠢᠵᠠᠭᠠᠷᠯᠠᠬᠤ ᠠᠷᠭ᠎ᠠ ᠬᠡᠮᠵᠢᠶ᠎ᠡ ᠶᠢ | ᠰᠣᠩᠭᠤᠵᠤ ᠥᠭᠬᠦ ᠬᠡᠷᠡᠭᠲᠡᠢ᠃ | ᠬᠠᠷᠠᠭ᠎ᠠ ᠮᠠᠭᠤᠲᠠᠢ ᠶᠢ ᠪᠠᠰᠠ︽ᠵᠠᠯᠬᠠᠭᠤ ᠨᠢᠳᠦ︾ ᠭᠡᠨ᠎ᠡ | ᠡᠭᠦᠨ ᠠᠴᠠ ᠭᠠᠳᠠᠨ᠎ᠠ᠂ ᠬᠠᠷᠠᠭ᠎ᠠ ᠮᠠᠭᠤᠳᠠᠬᠤ ᠨᠢ ᠣᠳᠣᠬᠠᠨ ᠳᠤ ᠡᠮᠴᠢᠯᠡᠭᠡᠨ ᠳᠤ ᠪᠠᠶᠢᠩᠭᠤ ᠲᠣᠬᠢᠶᠠᠯᠳᠤᠳᠠᠭ | ᠬᠡᠦᠬᠡᠳ ᠤᠨ ᠪᠤᠶᠢᠵᠢᠯᠲᠠ ᠶᠢᠨ ᠴᠢᠨᠠᠷᠲᠠᠢ ᠨᠢᠳᠦᠨ ᠤ ᠡᠪᠡᠳᠴᠢᠨ ᠪᠣᠯᠵᠤ᠂ ᠡᠪᠡᠳᠴᠢᠯᠡᠬᠦ ᠨᠤᠷᠮ᠎ᠠ ᠨᠢ 2%~4% | ᠣᠷᠴᠢᠮ ᠪᠠᠶᠢᠳᠠᠭ᠃ᠰᠤᠯᠠ ᠬᠠᠷᠠᠭ᠎ᠠ ᠶᠢ ᠪᠠᠰᠠ ︽ᠵᠠᠯᠬᠠᠭᠤ ᠨᠢᠳᠦ︾ ᠭᠡᠳᠡᠭ᠃ | ᠬᠠᠷᠠᠭ᠎ᠠ ᠮᠠᠭᠤᠲᠠᠢ ᠶᠢ ᠡᠮᠨᠡᠨ ᠵᠠᠰᠠᠬᠤ ᠶᠢᠨ ᠵᠠᠩᠭᠢᠯᠠᠭ᠎ᠠ ᠨᠢ ᠨᠢᠳᠦᠨ ᠰᠢᠯ ᠵᠡᠭᠦᠬᠦ ᠪᠠ ᠪᠦᠲᠡᠭᠡᠬᠦ ᠵᠠᠰᠠᠯ ᠢ | ᠪᠠᠷᠢᠮᠲᠠᠯᠠᠬᠤ ᠶᠠᠪᠤᠳᠠᠯ ᠪᠣᠯᠣᠨ᠎ᠠ᠃ ᠡᠨᠡ ᠨᠢ ᠬᠠᠷᠠᠭ᠎ᠠ ᠮᠠᠭᠤᠲᠠᠢ ᠶᠢ ᠡᠮᠨᠡᠨ ᠵᠠᠰᠠᠬᠤ ᠳᠤ ᠵᠠᠩᠭᠢᠯᠠᠭ᠎ᠠ ᠨᠢ ᠨᠢᠳᠦᠨ ᠰᠢᠯ | ᠵᠡᠭᠦᠬᠦ ᠪᠠ ᠪᠦᠲᠡᠭᠡᠬᠦ ᠵᠠᠰᠠᠯ ᠢ ᠪᠠᠷᠢᠮᠲᠠᠯᠠᠬᠤ ᠶᠠᠪᠤᠳᠠᠯ ᠪᠣᠯᠣᠨ᠎ᠠ᠃ᠪᠦᠲᠡᠭᠡᠬᠦ ᠵᠠᠰᠠᠯ ᠢ ᠬᠢᠯᠠᠭᠠᠷ ᠬᠠᠷᠠᠭ᠎ᠠ᠂ ᠭᠡᠷᠡᠯ ᠤᠨ | ᠨᠤᠭᠤᠷᠠᠯᠲᠠ ᠶᠢᠨ ᠵᠥᠷᠢᠶ᠎ᠡ ᠲᠠᠢ ᠵᠢᠴᠢ ᠬᠤᠶᠠᠷ ᠨᠢᠳᠦᠨ ᠤ ᠬᠠᠷᠠᠭ᠎ᠠ ᠨᠢ ᠬᠤᠶᠠᠷ ᠮᠥᠷ ᠠᠴᠠ ᠳᠡᠭᠡᠭᠰᠢ ᠵᠥᠷᠢᠶ᠎ᠡ ᠲᠠᠢ | ᠬᠠᠷᠠᠭ᠎ᠠ ᠮᠠᠭᠤᠳᠠᠭᠰᠠᠨ ᠡᠪᠡᠳᠴᠢᠲᠡᠨ ᠳᠤ ᠬᠡᠷᠡᠭᠯᠡᠨ᠎ᠡ᠃ | ᠪᠡᠭᠡᠵᠢᠩ ᠤᠨ ᠠᠨ ᠵᠧᠨ ᠡᠮᠨᠡᠯᠭᠡ ᠶᠢᠨ ᠬᠤᠷᠢᠶᠠᠨ ᠤ ᠨᠢᠳᠦᠨ ᠤ ᠰᠠᠯᠠᠭᠠᠨ ᠤ ᠲᠥᠪ ᠤᠨ ᠡᠷᠬᠢᠯᠡᠭᠴᠢ ᠵᠦ | ᠰᠧ ᠴᠢᠤᠸᠠᠨ᠄ ᠵᠢᠱᠢᠶᠡᠯᠡᠪᠡᠯ᠂ ᠬᠤᠶᠠᠷ ᠨᠢᠳᠦ ᠨᠢ ᠶᠡᠭᠡ ᠵᠥᠷᠢᠶ᠎ᠡ ᠲᠠᠢ ᠪᠠᠶᠢᠪᠠᠯ᠂ ᠡᠨᠡ ᠬᠦ ᠰᠠᠶᠢᠨ ᠨᠢᠳᠦ ᠪᠠᠨ | ᠬᠠᠯᠬᠠᠯᠠᠵᠤ᠂ ᠮᠠᠭᠤ ᠨᠢᠳᠦ ᠪᠠᠨ ᠬᠡᠷᠡᠭᠯᠡᠬᠦ ᠬᠡᠷᠡᠭᠲᠡᠢ᠂ ᠲᠡᠭᠦᠨ ᠢ ᠵᠠᠯᠬᠠᠭᠤᠷᠠᠭᠤᠯᠵᠤ ᠪᠣᠯᠬᠤ ᠦᠭᠡᠢ᠃ᠵᠢᠱᠢᠶᠡᠯᠡᠪᠡᠯ | ᠬᠤᠶᠠᠷ ᠴᠠᠭ ᠬᠠᠯᠬᠠᠯᠠᠭᠠᠳ ᠳᠠᠬᠢᠨ ᠬᠤᠶᠠᠷ ᠴᠠᠭ ᠨᠡᠭᠡᠭᠡᠬᠦ ᠳᠤ᠂ ᠬᠠᠮᠤᠭ ᠠᠷᠪᠢᠨ ᠳᠠᠭᠠᠨ ᠵᠢᠷᠭᠤᠭᠠᠨ ᠴᠠᠭ ᠠᠴᠠ | ᠳᠡᠭᠡᠭᠰᠢ ᠪᠣᠯᠲᠠᠯ᠎ᠠ ᠬᠠᠯᠬᠠᠯᠠᠵᠤ ᠪᠣᠯᠬᠤ ᠦᠭᠡᠢ᠂ ᠳᠠᠷᠤᠢ ᠬᠠᠭᠠᠰ ᠡᠳᠦᠷ ᠪᠣᠯᠲᠠᠯ᠎ᠠ ᠲᠡᠭᠦᠨ ᠢ ᠬᠡᠷᠡᠭᠯᠡᠬᠦ ᠦᠭᠡᠢ᠂ ᠡᠨᠡ | ᠬᠦ ᠰᠠᠶᠢᠨ ᠨᠢᠳᠦ ᠨᠢ ᠬᠠᠯᠬᠠᠯᠠᠵᠤ ᠡᠪᠳᠡᠷᠡᠬᠦ ᠮᠠᠭᠠᠳ᠂ ᠡᠶᠢᠮᠦ ᠠᠴᠠ ᠬᠠᠯᠬᠠᠯᠠᠬᠤ ᠳᠤ ᠨᠢᠭᠡ ᠢᠵᠢ ᠠᠷᠭ᠎ᠠ ᠪᠠᠶᠢᠨ᠎ᠠ᠃ | ᠡᠨᠡ ᠬᠦ ᠰᠠᠶᠢᠨ ᠨᠢᠳᠦ ᠨᠢ ᠬᠠᠯᠬᠠᠯᠠᠵᠤ ᠡᠪᠳᠡᠷᠡᠬᠦ ᠮᠠᠭᠠᠳ᠂ ᠡᠶᠢᠮᠦ ᠠᠴᠠ ᠬᠠᠯᠬᠠᠯᠠᠬᠤ ᠳᠤ ᠪᠠᠰᠠ ᠨᠢᠭᠡ ᠢᠵᠢ | ᠠᠷᠭ᠎ᠠ ᠪᠣᠢ᠂ ᠡᠨᠡ ᠬᠦ ᠰᠠᠶᠢᠨ ᠨᠢᠳᠦ ᠨᠢ ᠬᠠᠯᠬᠠᠯᠠᠵᠤ ᠡᠪᠳᠡᠷᠡᠬᠦ ᠮᠠᠭᠠᠳ᠂ ᠡᠶᠢᠮᠦ ᠠᠴᠠ ᠪᠦᠲᠡᠭᠡᠬᠦ ᠠᠷᠭ᠎ᠠ ᠪᠣᠢ᠃ | ﹇ᠬᠠᠷᠢᠭᠤᠴᠠᠯᠭ᠎ᠠ ᠶᠢᠨ ᠨᠠᠶᠢᠷᠠᠭᠤᠯᠤᠭᠴᠢ᠄ ᠱᠧᠨ ᠰᠢᠦᠢ﹈ | | ᠤᠷᠴᠢᠭᠤᠯᠤᠭᠴᠢ᠄ ᠰᠤᠷᠤᠨ᠎ᠠ | ᠬᠢᠨᠠᠭᠴᠢ᠄ ᠡᠷᠳᠡᠨᠢᠴᠢᠮᠡᠭ | | | | | | |