ᠵᠠᠷᠢᠮ ᠰᠦᠯᠵᠢᠶᠡᠨ ᠤ ᠨᠠᠶᠢᠵᠠ ᠠᠴᠠ᠄ ᠶᠠᠭᠠᠬᠢᠪᠠᠯ ᠰᠠᠶ᠋ᠢ ᠰᠡᠪᠬᠡ ᠭᠠᠷᠬᠤ ᠦᠭᠡᠢ ᠪᠠᠶᠢᠵᠤ ᠴᠢᠳᠠᠬᠤ ᠪᠤᠶ︖ | ᠭᠡᠵᠦ ᠠᠰᠠᠭᠤᠵᠠᠢ᠃ ᠪᠢ ᠪᠦᠷ 36 ᠨᠠᠰᠤᠯᠠᠴᠢᠬᠠᠯ᠎ᠠ᠂ ᠠᠷᠪᠠᠨ ᠬᠡᠳᠦᠨ ᠨᠠᠰᠤᠨ ᠠᠴᠠ ᠪᠠᠨ ᠪᠣᠳᠣ ᠲᠠᠢ | ᠪᠠᠶᠢᠭᠰᠠᠨ ᠠᠴᠠ ᠪᠠᠨ ᠣᠳᠣ ᠪᠣᠯᠲᠠᠯ᠎ᠠ ᠥᠰᠴᠦ ᠪᠠᠶᠢᠨ᠎ᠠ᠃ᠡᠨᠡ ᠨᠠᠢᠵᠠ ᠲᠠᠢ ᠪᠠᠨ ᠠᠳᠠᠯᠢᠬᠠᠨ ᠪᠤᠬᠢᠨᠢᠳᠤᠯ ᠲᠠᠢ | ᠬᠥᠮᠥᠨ ᠪᠠᠰᠠ ᠮᠠᠰᠢ ᠣᠯᠠᠨ ᠪᠠᠢᠨ᠎ᠠ᠃ᠲᠡᠷᠡ ᠴᠦ ᠪᠠᠶᠢᠲᠤᠭᠠᠢ ᠪᠢᠴᠢᠯ ᠪᠯᠤᠭ ᠳᠡᠭᠡᠷ᠎ᠡ ᠪᠠᠰᠠ ᠨᠢᠭᠡ ᠬᠠᠮᠢᠶ᠎ᠠ ᠪᠦᠬᠦᠢ | ᠶᠠᠷᠢᠶᠠᠨ ᠤ ᠰᠡᠳᠦᠪ ᠪᠠᠶᠢᠳᠠᠭ᠄ ᠰᠡᠪᠬᠡ ᠭᠠᠷᠬᠤ ᠨᠢ ᠠᠵᠠ ᠮᠠᠭᠤ ᠠᠴᠠ ᠪᠣᠯᠤᠭᠰᠠᠨ ᠤᠤ︖ | ᠠᠷᠠᠰᠤᠨ ᠤ ᠠᠰᠠᠭᠤᠳᠠᠯ ᠳᠤ ᠤᠳᠤᠮᠰᠢᠯ ᠤᠨ ᠰᠢᠯᠲᠠᠭᠠᠨ ᠲᠠᠢ ᠪᠥᠭᠡᠳ ᠣᠶᠢᠷ᠎ᠠ ᠶᠢᠨ ᠬᠤᠭᠤᠴᠠᠭᠠᠨ ᠤ | ᠪᠡᠶ᠎ᠡ ᠶᠢᠨ ᠪᠠᠶᠢᠳᠠᠯ ᠤᠨ ᠨᠦᠯᠦᠬᠡ ᠬᠦᠷᠳᠡᠨ᠎ᠡ | ᠠᠷᠠᠰᠤᠨ ᠤ ᠠᠰᠠᠭᠤᠳᠠᠯ ᠨᠢ ᠨᠡᠯᠢᠶᠡᠳ ᠶᠡᠭᠡ ᠬᠡᠮᠵᠢᠶᠡᠨ ᠳᠡᠭᠡᠷ᠎ᠡ ᠤᠳᠤᠮᠰᠢᠯ ᠤᠨ ᠡᠯᠧᠮᠧᠨ᠋ᠲ ᠤᠨ | ᠨᠥᠯᠥᠭᠡ ᠶᠢ ᠬᠦᠷᠲᠡᠳᠡᠭ᠃ᠰᠡᠪᠬᠡ ᠴᠦ ᠪᠣᠯᠤᠭ᠂ ᠠᠷᠠᠰᠤᠨ ᠤ ᠬᠠᠷᠰᠢᠯ ᠴᠤ ᠪᠣᠯᠤᠭ᠂ ᠪᠦᠷ ᠤᠳᠤᠮᠰᠢᠯ ᠤᠨ | ᠡᠯᠧᠮᠧᠨ᠋ᠲ ᠲᠠᠢ᠃ᠬᠡᠯᠡᠪᠡᠯ ᠦᠨᠡᠬᠡᠷ ᠬᠤᠪᠢ ᠵᠠᠶᠠᠭ᠎ᠠ ᠲᠠᠢ ᠬᠤᠯᠪᠣᠭ᠎ᠠ ᠲᠠᠢ᠃ᠬᠡᠷᠪᠡ ᠡᠴᠢᠭᠡ ᠡᠬᠡ ᠶᠢᠨ ᠬᠢᠨᠢ ᠨᠢᠭᠡ | ᠲᠠᠯ᠎ᠠ ᠨᠢ ᠪᠤᠳᠤ ᠭᠠᠷᠤᠭᠰᠠᠨ ᠲᠡᠦᠬᠡ ᠲᠠᠢ ᠪᠣᠯ ᠠᠮᠠᠷᠬᠠᠨ ᠪᠤᠳᠤ ᠭᠠᠷᠴᠤ ᠮᠡᠳᠡᠨ᠎ᠡ᠃ᠬᠡᠷᠪᠡ ᠬᠤᠶᠠᠷ | ᠡᠲᠡᠭᠡᠳ ᠢᠶᠠᠷ ᠢᠶᠠᠨ ᠴᠥᠮ ᠡᠶᠢᠮᠦ ᠠᠰᠠᠭᠤᠳᠠᠯ ᠣᠷᠣᠰᠢᠵᠤ ᠪᠠᠶᠢᠪᠠᠯ ᠵᠠᠶᠢᠯᠠᠬᠤ ᠳᠤ ᠨᠡᠩ ᠪᠡᠷᠬᠡ ᠲᠠᠢ ᠶᠤᠮ᠃ | ᠬᠤᠯᠪᠣᠭᠳᠠᠯ ᠪᠦᠬᠦᠢ ᠭᠧᠨ ᠲᠠᠢ ᠬᠥᠮᠥᠨ ᠳᠤ ᠠᠪᠴᠤ ᠬᠡᠯᠡᠪᠡᠯ᠂ ᠬᠡᠷᠪᠡ ᠬᠠᠷᠠᠬᠠᠨ ᠪᠠᠭ᠎ᠠ ᠠᠴᠠ ᠪᠠᠨ ᠡᠷᠡᠭᠦᠯ ᠮᠡᠨᠳᠦ | ᠠᠮᠢᠳᠤᠷᠠᠵᠤ᠂ ᠢᠳᠡᠭᠡᠨ ᠤᠮᠳᠠᠭᠠᠨ ᠢᠶᠠᠨ ᠠᠩᠬᠠᠷᠪᠠᠯ ᠮᠠᠰᠢ ᠶᠡᠭᠡ ᠬᠠᠪᠰᠤᠷᠤᠮᠵᠢ ᠪᠣᠯᠳᠠᠭ᠃ᠬᠡᠳᠦᠶᠢᠪᠡᠷ ᠪᠤᠳᠤ ᠶᠢᠨ | ᠲᠤᠭ᠎ᠠ ᠬᠡᠮᠵᠢᠶ᠎ᠡ ᠪᠠ ᠦᠷᠪᠢᠰᠦᠯ ᠤᠨ ᠬᠡᠮᠵᠢᠶ᠎ᠡ ᠶᠢ ᠶᠡᠭᠡ ᠪᠠᠷ ᠪᠠᠭᠠᠰᠬᠠᠵᠤ ᠴᠢᠷᠠᠢ ᠶᠢᠨ ᠬᠡᠰᠡᠭ ᠤᠨ ᠠᠷᠠᠰᠤᠨ ᠤ | ᠪᠠᠶᠢᠳᠠᠯ ᠢ ᠦᠨᠳᠦᠰᠦᠨ ᠳᠡᠭᠡᠨ ᠬᠡᠪ ᠤᠨ ᠪᠠᠶᠢᠳᠠᠯ ᠲᠠᠢ ᠪᠠᠶᠢᠯᠭᠠᠬᠤ ᠳᠤ ᠬᠦᠴᠢᠷᠲᠡᠢ ᠪᠣᠯᠪᠠᠴᠤ ᠪᠤᠳᠤ ᠶᠢᠨ ᠲᠤᠭ᠎ᠠ | ᠬᠡᠮᠵᠢᠶ᠎ᠡ ᠪᠠ ᠦᠷᠪᠢᠰᠦᠯ ᠤᠨ ᠬᠡᠮᠵᠢᠶ᠎ᠡ ᠶᠢ ᠶᠡᠭᠡ ᠪᠠᠷ ᠪᠠᠭᠠᠰᠬᠠᠵᠤ ᠴᠢᠳᠠᠨ᠎ᠠ᠃ | ᠤᠯᠡᠠ ᠢᠶᠠᠷ ᠢᠶᠠᠨ ᠪᠤᠳᠦᠵᠦ ᠦᠵᠡᠭᠡᠷᠡᠢ᠂ ᠪᠤᠳᠤᠬ ᠭᠠᠷᠬᠤ ᠪᠠᠶᠢᠳᠠᠯ ᠬᠠᠶᠠ ᠰᠠᠶᠢᠨ ᠬᠠᠶᠠ ᠮᠠᠭᠤ ᠪᠠᠶᠢᠳᠠᠭ ᠤᠤ | ︖ ᠭᠡᠳᠡᠭ ᠢ ᠤᠯᠡᠠ ᠢᠶᠠᠷ ᠢᠶᠠᠨ ᠪᠤᠳᠦᠵᠦ ᠦᠵᠡᠭᠡᠷᠡᠢ᠃ᠵᠠᠷᠢᠮ ᠬᠤᠭᠤᠴᠠᠭᠠᠨ ᠳᠤ ᠪᠡᠶ᠎ᠡ ᠮᠠᠬᠠᠪᠤᠳ ᠤᠨ ᠪᠠᠶᠢᠳᠠᠯ ᠨᠢ | ᠰᠠᠶᠢᠵᠢᠷᠠᠴᠢᠬᠠᠪᠠᠯ ᠳᠠᠷᠤᠢ ᠲᠡᠭᠦᠨ ᠤ ᠰᠠᠶᠢᠵᠢᠷᠠᠬᠤ ᠪᠣᠯᠣᠯᠴᠠᠭ᠎ᠠ ᠲᠠᠢ ᠭᠡᠰᠡᠨ ᠢ ᠬᠠᠷᠠᠭᠤᠯᠵᠤ ᠪᠠᠶᠢᠨ᠎ᠠ᠃ᠪᠡᠶ᠎ᠡ | ᠮᠠᠬᠠᠪᠤᠳ ᠢ ᠵᠠᠰᠠᠨ ᠰᠡᠷᠭᠦᠭᠡᠬᠦ ᠲᠣᠭᠲᠠᠴᠠ ᠶᠢ ᠳᠡᠮᠵᠢᠵᠦ᠂ ᠪᠡᠶ᠎ᠡ ᠮᠠᠬᠠᠪᠤᠳ ᠲᠤ ᠶᠠᠷᠰᠢᠭ ᠪᠣᠯᠬᠤ ᠦᠭᠡᠢ ᠯᠡ ᠶᠤᠮ | ᠪᠣᠯ ᠲᠡᠷᠡ ᠨᠢ ᠵᠣᠬᠢᠬᠤ ᠬᠡᠮᠵᠢᠶ᠎ᠡ ᠪᠠᠷ ᠰᠠᠶᠢᠵᠢᠷᠠᠨ ᠰᠡᠷᠭᠦᠵᠦ ᠴᠢᠳᠠᠨ᠎ᠠ᠃ | ᠡᠨᠡ 20 ᠰᠡᠪᠬᠡ ᠭᠠᠷᠤᠭᠰᠠᠨ ᠰᠢᠯᠲᠠᠭᠠᠨ ᠢ ᠲᠠ ᠣᠯᠣᠭᠰᠠᠨ ᠤᠤ︖ | ᠪᠤᠳᠤ ᠶᠢᠨ ᠠᠰᠠᠭᠤᠳᠠᠯ ᠲᠠᠢ ᠨᠠᠶᠢᠵᠠ ᠨᠠᠷ ᠠ᠂ ᠳᠣᠣᠷᠠᠬᠢ ᠮᠡᠲᠦ ᠥᠪᠡᠷ ᠤᠨ ᠦᠨᠡᠯᠡᠯᠲᠡ ᠶᠢ ᠬᠢᠵᠦ᠂ ᠶᠠᠮᠠᠷ | ᠶᠠᠮᠠᠷ ᠠᠰᠠᠭᠤᠳᠠᠯ ᠣᠷᠣᠰᠢᠵᠤ ᠪᠠᠶᠢᠬᠤ ᠶᠢ ᠡᠷᠭᠢᠴᠡᠭᠦᠯᠦᠨ ᠪᠤᠳᠤᠵᠤ ᠦᠵᠡᠭᠡᠷᠡᠢ᠃ | 1.ᠡᠮᠡᠭᠲᠡᠢ ᠰᠤᠷᠤᠭᠴᠢ ᠣᠯᠠᠨ ᠤᠭᠤᠲᠠᠲᠤ ᠥᠨᠳᠡᠭᠡᠪᠴᠢ ᠶᠢᠨ ᠬᠠᠮ ᠭᠡᠮ︵ᠣᠯᠠᠨ ᠤᠭᠤᠲᠠᠲᠤ | ᠥᠨᠳᠡᠭᠡᠪᠴᠢ ᠶᠢᠨ ᠬᠠᠮ ᠭᠡᠮ ᠤᠨ ᠡᠪᠡᠳᠴᠢᠨ ᠤ ᠢᠯᠡᠷᠡᠯ ᠤᠨ ᠨᠢᠭᠡ ᠨᠢ ᠪᠣᠯ ᠶᠡᠭᠡ ᠬᠡᠮᠵᠢᠶᠡᠨ ᠤ ᠰᠡᠪᠬᠡ ᠭᠠᠷᠬᠤ | ᠪᠣᠯᠣᠨ᠎ᠠ︶ ᠳᠤ ᠨᠡᠷᠪᠡᠭᠳᠡᠨ᠎ᠡ᠃ | 2.ᠬᠥᠮᠥᠨ ᠬᠡᠲᠦᠷᠬᠡᠢ ᠮᠠᠷᠢᠶᠠᠯᠠᠬᠤ᠂ ᠢᠯᠠᠩᠭᠤᠶ᠎ᠠ ᠣᠬᠤᠷᠬᠠᠨ ᠬᠤᠭᠤᠴᠠᠭᠠᠨ ᠳᠤ ᠮᠠᠷᠢᠶᠠᠯᠠᠭᠰᠠᠨ | ᠥᠩᠭᠡᠷᠡᠯᠲᠡ ᠲᠠᠢ︵ᠪᠡᠯᠭᠡ ᠶᠢᠨ ᠬᠤᠷᠮᠣᠨ ᠤ ᠲᠦᠪᠰᠢᠨ ᠢ ᠠᠮᠠᠷᠬᠠᠨ ᠰᠠᠮᠠᠭᠤᠷᠠᠭᠤᠯᠳᠠᠭ︶᠃ | 3.ᠬᠥᠮᠥᠨ ᠲᠡᠶᠢᠮᠦ ᠲᠠᠷᠭᠤᠨ ᠪᠢᠰᠢ᠂ ᠭᠡᠪᠡᠴᠦ ᠪᠤᠯᠴᠢᠩ ᠨᠢ ᠪᠠᠭ᠎ᠠ ᠪᠤᠶᠤ ᠰᠤᠯᠠ ᠵᠥᠭᠡᠯᠡᠨ᠂ ᠪᠡᠶ᠎ᠡ ᠶᠢᠨ | ᠥᠭᠡᠬᠦ ᠶᠢᠨ ᠬᠡᠮᠵᠢᠶ᠎ᠡ ᠨᠢ ᠥᠨᠳᠥᠷ᠂ ᠪᠡᠶ᠎ᠡ ᠨᠢ ᠴᠢᠩᠭ᠎ᠠ ᠪᠢᠰᠢ (ᠡᠶᠢᠮᠦᠷᠬᠦᠦ ᠪᠠᠶᠢᠳᠠᠯ ᠳᠤ ᠶᠡᠷᠦ ᠳᠡᠭᠡᠨ ᠢ ᠳ᠋ᠣᠣ | ᠰᠦ ᠶᠢᠨ ᠡᠰᠡᠷᠭᠦᠴᠡᠯ ᠣᠷᠣᠰᠢᠵᠤ ᠪᠠᠶᠢᠳᠠᠭ᠂ ᠢ ᠳ᠋ᠣᠣ ᠰᠦ ᠶᠢᠨ ᠡᠰᠡᠷᠭᠦᠴᠡᠯ ᠪᠣᠯ ᠪᠤᠳᠤ ᠭᠠᠷᠬᠤ ᠶᠢ ᠠᠬᠢᠭᠤᠯᠬᠤ | ᠡᠯᠧᠮᠧᠨ᠋ᠲ ᠮᠥᠨ)᠃ | 4.ᠰᠢᠬᠢᠷᠯᠢᠭ ᠢᠳᠡᠭᠡᠨ ᠢᠳᠡᠬᠦ ᠳᠤᠷᠠᠲᠠᠢ᠂ ᠡᠰᠡᠬᠦᠯ᠎ᠡ ᠰᠢᠬᠢᠷᠯᠢᠭ ᠤᠮᠳᠠᠭᠠᠨ ᠤᠤᠭᠤᠬᠤ ᠳᠤᠷᠠᠲᠠᠢ (ᠰᠢᠬᠢᠷᠯᠢᠭ | ᠢᠳᠡᠭᠡᠨ ᠢ ᠳ᠋ᠣᠣ ᠰᠦ ᠶᠢᠨ ᠡᠰᠡᠷᠭᠦᠴᠡᠯ ᠢ ᠠᠬᠢᠭᠤᠯᠵᠤ᠂ ᠦᠷᠪᠢᠰᠦᠯ ᠤᠨ ᠤᠷᠪᠠᠯ ᠢ ᠥᠨᠳᠥᠷᠵᠢᠭᠦᠯᠵᠦ᠂ B | ᠲᠦᠷᠦᠯ ᠤᠨ ᠸᠢᠲ᠋ᠠᠮᠢᠨ ᠢ ᠬᠤᠷᠣᠭᠳᠠᠭᠤᠯᠤᠨ᠎ᠠ᠂ ᠳᠡᠭᠡᠷᠡᠬᠢ ᠡᠯᠧᠮᠧᠨ᠋ᠲ ᠤᠳ ᠪᠦᠷ ᠪᠤᠳᠤ ᠭᠠᠷᠬᠤ ᠶᠢ ᠠᠬᠢᠭᠤᠯᠤᠨ᠎ᠠ)᠃ | 5.ᠪᠦᠬᠦᠯᠢ ᠠᠮᠤ ᠶᠢᠨ ᠬᠤᠯᠢᠮᠠᠭ ᠠᠮᠤ ᠶᠢ ᠳᠡᠮᠡᠢ ᠢᠳᠡᠬᠦ ᠦᠭᠡᠢ᠂ ᠵᠥᠪᠬᠡᠨ ᠴᠠᠭᠠᠨ ᠪᠤᠳᠠᠭ᠎ᠠ ᠴᠠᠭᠠᠨ | ᠭᠤᠯᠢᠷ ᠢᠶᠠᠷ ᠬᠢᠭᠰᠡᠨ ᠢᠳᠡᠭᠡᠨ ᠢ ᠯᠡ ᠢᠳᠡᠨ᠎ᠡ᠂ ᠨᠠᠷᠢᠯᠢᠭ ᠴᠠᠭᠠᠨ ᠨᠡᠭᠦᠷᠡᠰᠦ ᠤᠰᠤᠨ ᠳᠤ ᠳᠤᠷᠠᠲᠠᠢ ᠬᠥᠮᠥᠰ | (ᠴᠢᠰᠤᠨ ᠰᠢᠬᠢᠷ ᠤᠨ ᠤᠷᠪᠠᠯ ᠬᠡᠳᠦ ᠥᠨᠳᠥᠷ ᠪᠠᠶᠢᠳᠠᠯ ᠨᠢ ᠪᠠᠰᠠ ᠨᠣᠶᠢᠷ ᠤᠨ ᠠᠷᠠᠯ ᠤᠨ ᠡᠳ᠋ ᠤᠨ ᠡᠰᠡᠷᠭᠦᠴᠡᠯ ᠢ | ᠠᠬᠢᠭᠤᠯᠵᠤ᠂ ᠦᠷᠪᠢᠰᠦᠯ ᠤᠨ ᠤᠷᠪᠠᠯ ᠢ ᠥᠨᠳᠥᠷᠵᠢᠭᠦᠯᠦᠨᠡ᠃ᠴᠠᠭᠠᠨ ᠪᠤᠳᠠᠭ᠎ᠠ ᠴᠠᠭᠠᠨ ᠭᠤᠯᠢᠷ ᠤᠨ ᠳᠣᠲᠣᠷ᠎ᠠ B | ᠲᠥᠷᠥᠯ ᠤᠨ ᠸᠢᠲ᠋ᠠᠮᠢᠨ ᠤ ᠠᠭᠤᠯᠤᠭᠳᠠᠴᠠ ᠪᠠᠭ᠎ᠠ ᠪᠠᠶᠢᠳᠠᠭ᠃ | 6.ᠡᠯ᠎ᠡ ᠵᠦᠢᠯ ᠤᠨ ᠭᠤᠯᠢᠷ᠂ ᠲᠠᠯᠬ᠎ᠠ᠂ ᠰᠤᠯᠠ ᠢᠳᠡᠭᠡᠨ᠂ ᠪᠣᠣᠪᠤ ᠪᠣᠭᠤᠷᠰᠤᠭ ᠵᠡᠷᠭᠡ ᠳᠤ ᠲᠣᠰᠣ᠂ ᠳᠠᠪᠤᠰᠤ᠂ | ᠰᠢᠬᠢᠷ ᠨᠡᠮᠡᠭᠰᠡᠨ ᠨᠡᠭᠦᠷᠡᠰᠦ ᠶᠡᠬᠡᠲᠡᠢ ᠤᠰᠤ ᠲᠠᠢ ᠢᠳᠡᠭᠡᠨ ᠢ ᠢᠳᠡᠬᠦ ᠳᠤᠷᠠᠲᠠᠢ ︵ᠰᠢᠯᠲᠠᠭᠠᠨ ᠨᠢ ᠳᠡᠭᠡᠷᠡᠬᠢ ᠲᠠᠢ | ᠠᠳᠠᠯᠢ︶᠃ | 7.ᠬᠤᠭᠤᠯᠠᠨ ᠤ ᠳᠠᠷᠠᠭ᠎ᠠ ᠨᠣᠶᠢᠷᠮᠣᠭᠯᠠᠬᠤ ᠪᠣᠯᠪᠠᠴᠤ ᠬᠤᠭᠤᠯᠠᠨ ᠤ ᠥᠷᠥᠭᠡᠨ ᠳᠤ ᠰᠤᠯᠠ ᠢᠳᠡᠭᠡᠨ ᠢᠳᠡᠬᠦ | ᠰᠠᠨᠠᠭ᠎ᠠ ᠲᠠᠢ︵ᠴᠢᠰᠤᠨ ᠰᠢᠬᠢᠷ ᠤᠨ ᠲᠤᠰᠬᠠᠯ ᠥᠨᠳᠥᠷ ᠪᠤᠶᠤ ᠢ ᠳ᠋ᠣᠣ ᠰᠦ ᠶᠢᠨ ᠡᠰᠡᠷᠭᠦᠴᠡᠯ ᠲᠠᠢ ᠪᠠᠶᠢᠵᠤ | ᠮᠡᠳᠡᠨ᠎ᠡ᠃ᠡᠮᠨᠡᠯᠭᠡ ᠳᠤ ᠬᠦᠷᠴᠦ ᠬᠤᠭᠤᠯᠠᠨ ᠤ ᠳᠠᠷᠠᠭᠠᠬᠢ ᠴᠢᠰᠤᠨ ᠰᠢᠬᠢᠷ ᠢ 3 ᠴᠠᠭ ᠬᠡᠮᠵᠢᠬᠦ ᠪᠠ ᠨᠣᠶᠢᠷ ᠤᠨ | ᠠᠷᠠᠯ ᠤᠨ ᠡᠳ᠋ ᠤᠨ ᠰᠢᠭᠦᠷᠡᠯᠲᠡ ᠶᠢᠨ ᠮᠤᠷᠤᠢ ᠱᠤᠭᠤᠮ ᠢ ᠬᠡᠮᠵᠢᠵᠦ ᠪᠣᠯᠣᠨ᠎ᠠ︶᠃ | 8. ᠦᠨᠢᠶᠡᠨ ᠰᠦ᠋ ᠪᠣᠯᠣᠨ ᠴᠠᠭᠠᠨ ᠢᠳᠡᠭᠡᠨ ᠳᠤ ᠪᠤᠳᠤ ᠶᠢᠨ ᠤᠷᠪᠠᠯ ᠡᠭᠦᠰᠬᠡᠳᠡᠭ ︵ᠵᠠᠷᠢᠮ ᠬᠥᠮᠥᠨ ᠳᠤ | ᠠᠪᠴᠤ ᠬᠡᠯᠡᠪᠡᠯ᠂ ᠦᠨᠢᠶᠡᠨ ᠰᠦ ᠳᠣᠲᠣᠷᠠᠬᠢ IGF-1 ᠪᠣᠯᠣᠨ ᠬᠡᠰᠡᠭ ᠤᠭᠤᠷᠠᠭ ᠨᠢ ᠪᠤᠳᠤ ᠶᠢᠨ ᠡᠭᠦᠰᠬᠦ ᠶᠢ | ᠠᠬᠢᠭᠤᠯᠵᠤ ᠮᠡᠳᠡᠨ᠎ᠡ᠃ᠢᠮᠠᠭᠠᠨ ᠰᠦ ᠴᠦ ᠠᠳᠠᠯᠢ︶᠃ | 9 . ᠬᠠᠭᠠᠷᠢᠵᠤ ᠪᠤᠴᠠᠯᠭᠠᠬᠤ᠂ ᠰᠢᠷᠠᠵᠤ ᠬᠠᠭᠰᠠᠭᠠᠬᠤ ᠢᠳᠡᠭᠡᠨ ᠳᠤ ᠳᠤᠷᠠᠲᠠᠢ᠂ ︽ᠬᠤᠸᠠᠷ ᠫᠤᠤᠵᠢᠩ︾ | ᠪᠠ ᠬᠡᠦᠷᠰᠢᠮᠡᠯ ᠦᠨᠦᠷ ᠲᠤ ᠳᠤᠷᠠᠲᠠᠢ ︵ᠡᠶᠢᠮᠦ ᠲᠥᠷᠥᠯ ᠤᠨ ᠢᠳᠡᠭᠡᠨ ᠤ ᠳᠣᠲᠣᠷ᠎ᠠ ᠶᠡᠭᠡ ᠬᠡᠮᠵᠢᠶᠡᠨ ᠤ ᠥᠨᠳᠥᠷ | ᠬᠠᠯᠠᠭᠤᠨ ᠳᠤ ᠬᠠᠯᠠᠭᠠᠭᠠᠳ ᠦᠷᠪᠢᠰᠦᠯ ᠢ ᠠᠬᠢᠭᠤᠯᠬᠤ ᠪᠣᠳᠠᠰ ᠣᠷᠣᠰᠢᠵᠤ᠂ ᠰᠡᠪᠬᠡ ᠶᠢᠨ ᠪᠠᠶᠢᠳᠠᠯ ᠢ | ᠮᠠᠭᠤᠳᠠᠭᠤᠯᠵᠤ ᠮᠡᠳᠡᠨ᠎ᠡ︶᠃ | 10. ᠨᠣᠭᠤᠭ᠎ᠠ ᠬᠠᠭᠤᠷᠬᠤ ᠳᠠᠭᠠᠨ ᠲᠣᠰᠣ ᠪᠠᠷ ᠥᠨᠳᠥᠷ᠂ ᠬᠤᠸᠠᠵᠤᠤ ᠯᠠᠵᠤᠤ ᠶᠢ ᠰᠢᠷᠠᠯᠠᠵᠤ ᠬᠦᠷᠡᠩ | ᠪᠣᠯᠪᠠᠯ ᠰᠠᠶ᠋ᠢ ᠠᠩᠬᠢᠯᠤᠮ᠎ᠠ ᠰᠠᠶᠢᠬᠠᠨ ᠰᠠᠨᠠᠭᠳᠠᠨ᠎ᠠ ︵ᠡᠭᠦᠨ ᠤ ᠰᠢᠯᠲᠠᠭᠠᠨ ᠨᠢ ᠳᠡᠭᠡᠷᠡᠬᠢ ᠮᠡᠲᠦ︶᠃ | 11. ᠯᠣᠬᠠᠱᠧᠩ᠂ ᠲᠠᠷᠪᠤᠰ ᠤᠨ ᠦᠷ᠎ᠡ᠂ ᠨᠡᠷᠡᠨ ᠬᠤᠸᠠᠷ ᠤᠨ ᠦᠷ᠎ᠡ ᠮᠡᠲᠦ ᠶᠢᠨ ᠬᠠᠭᠤᠷᠤᠭᠰᠠᠨ ᠪᠠᠷᠠᠭ᠎ᠠ ᠶᠢ | ᠢᠳᠡᠬᠦ ᠳᠤᠷᠠᠲᠠᠢ᠂ ᠡᠰᠡᠬᠦᠯ᠎ᠡ ᠮᠠᠰᠢ ᠬᠠᠭᠤᠷᠠᠢ᠂ ᠠᠮᠲᠠ ᠰᠠᠶᠢᠲᠠᠢ ᠬᠠᠲᠠᠭᠤ ᠵᠢᠮᠢᠰ ︵ᠡᠶᠢᠮᠦ ᠲᠥᠷᠥᠯ ᠤᠨ ᠬᠠᠲᠠᠭᠤ | ᠵᠢᠮᠢᠰ᠂ ᠬᠠᠭᠤᠷᠤᠭᠰᠠᠨ ᠪᠠᠷᠠᠭ᠎ᠠ ᠳᠤ ᠦᠷᠪᠢᠰᠦᠯ ᠢ ᠠᠬᠢᠭᠤᠯᠬᠤ omega-6 ᠥᠭᠡᠬᠦᠨ ᠬᠦᠴᠢᠯ ᠡᠯᠪᠡᠭ | ᠠᠭᠤᠯᠤᠭᠳᠠᠵᠤ ᠪᠠᠶᠢᠳᠠᠭ᠂ ᠬᠠᠷᠢᠨ ᠬᠡᠲᠦᠷᠡᠲᠡᠯ᠎ᠡ ᠰᠢᠷᠠᠬᠤ ᠪᠤᠶᠤ ᠬᠠᠭᠤᠷᠤᠭᠰᠠᠨ ᠠᠴᠠ ᠪᠣᠯᠵᠤ ᠦᠷᠪᠢᠰᠦᠯ ᠢ | ᠠᠬᠢᠭᠤᠯᠬᠤ ᠪᠣᠳᠠᠰ ᠡᠭᠦᠰᠳᠡᠭ︶᠃ | 12.ᠮᠢᠬ᠎ᠠ ᠢᠳᠡᠬᠦ ᠨᠢ ᠠᠷᠪᠢᠨ᠂ ᠨᠣᠭᠤᠭ᠎ᠠ ᠢᠳᠡᠬᠦ ᠨᠢ ᠳᠡᠩᠳᠡᠭᠦᠦ ᠪᠠᠭ᠎ᠠ (ᠬᠡᠳᠦ ᠬᠠᠨᠤᠮᠠᠯ ᠥᠭᠡᠬᠦᠨ | ᠬᠦᠴᠢᠯ ᠪᠣᠯ ᠦᠷᠪᠢᠰᠦᠯ ᠢ ᠠᠬᠢᠭᠤᠯᠬᠤ ᠡᠯᠧᠮᠧᠨ᠋ᠲ ᠮᠥᠨ᠂ ᠬᠠᠷᠢᠨ ᠢᠳᠡᠰᠢᠨ ᠨᠣᠭᠤᠭ᠎ᠠ ᠶᠢᠨ ᠳᠣᠲᠣᠷᠠᠬᠢ ᠣᠯᠠᠨᠴᠢ | ᠹᠧᠨᠤᠯ ᠤᠨ ᠲᠥᠷᠥᠯ ᠤᠨ ᠪᠣᠳᠠᠰ ᠵᠡᠷᠭᠡ ᠢᠰᠦᠯᠳᠦᠬᠦ ᠶᠢ ᠡᠰᠡᠷᠭᠦᠴᠡᠬᠦ ᠪᠦᠷᠢᠯᠳᠦᠭᠦᠨ ᠪᠠ ᠢᠳᠡᠭᠡᠨ ᠤ ᠰᠢᠷᠬᠡᠭᠯᠢᠭ | ᠨᠢ ᠦᠷᠪᠢᠰᠦᠯ ᠢ ᠬᠥᠩᠭᠡᠷᠡᠭᠦᠯᠵᠦ᠂ ᠪᠤᠳᠤ ᠴᠡᠴᠡᠭ ᠤᠨ ᠪᠠᠶᠢᠳᠠᠯ ᠢ ᠰᠠᠶᠢᠵᠢᠷᠠᠭᠤᠯᠬᠤ ᠳᠤ ᠠᠰᠢᠭᠲᠠᠢ)᠃ (ᠢᠳᠡᠭᠡᠨ ᠤ | ᠰᠢᠷᠬᠡᠭᠯᠢᠭ ᠡᠳ᠋ ᠨᠢ ᠦᠷᠪᠢᠰᠦᠯ ᠢ ᠬᠥᠩᠭᠡᠷᠡᠭᠦᠯᠵᠦ᠂ ᠪᠤᠳᠤ ᠴᠡᠴᠡᠭ ᠤᠨ ᠪᠠᠶᠢᠳᠠᠯ ᠢ ᠰᠠᠶᠢᠵᠢᠷᠠᠭᠤᠯᠬᠤ ᠳᠤ | ᠠᠰᠢᠭᠲᠠᠢ)᠃ | 13.ᠰᠢᠩᠭᠡᠭᠡᠯᠲᠡ ᠮᠠᠭᠤ᠂ ᠬᠤᠳᠣᠭᠤᠳᠤ ᠭᠡᠳᠡᠰᠦᠨ ᠤ ᠡᠪᠡᠳᠴᠢᠨ ᠲᠠᠢ︵ᠢᠳᠡᠭᠡᠨ ᠢ ᠭᠦᠢᠴᠡᠳ ᠰᠢᠩᠭᠡᠭᠡᠵᠦ | ᠳᠡᠶᠢᠯᠬᠦ ᠦᠭᠡᠢ ᠪᠣᠯ ᠵᠠᠷᠢᠮ ᠢᠳᠡᠭᠡᠨ ᠳᠤ ᠤᠳᠠᠭᠠᠨ ᠴᠢᠨᠠᠷᠲᠠᠢ ᠬᠠᠷᠰᠢᠬᠤ ᠪᠤᠶᠤ ᠳᠠᠭᠠᠭᠠᠮᠠᠭᠠᠢ ᠪᠤᠰᠤ ᠤᠷᠪᠠᠯ | ᠭᠠᠷᠴᠤ ᠮᠡᠳᠡᠨ᠎ᠡ᠂ ᠪᠠᠰᠠ ᠪᠡᠶ᠎ᠡ ᠶᠢᠨ ᠳᠣᠲᠣᠭᠠᠳᠤ ᠶᠢᠨ ᠦᠷᠪᠢᠰᠦᠯ ᠢ ᠠᠬᠢᠭᠤᠯᠵᠤ᠂ ᠡᠭᠦᠨ ᠤ ᠬᠠᠮᠲᠤ ᠪᠠᠰᠠ | ᠭᠡᠳᠡᠰᠦᠨ ᠤ ᠪᠠᠺᠲ᠋ᠧᠷᠢ ᠶᠢᠨ ᠪᠥᠭᠡᠮᠨᠡᠷᠡᠯ ᠢ ᠰᠠᠮᠠᠭᠤᠷᠠᠭᠤᠯᠵᠤ᠂ ᠡᠭᠦᠨ ᠤ ᠤᠯᠠᠮ ᠠᠴᠠ ᠪᠣᠳᠣ ᠶᠢ ᠡᠭᠦᠰᠬᠡᠨ᠎ᠡ︶᠃ | 14. ᠢᠳᠡᠭᠡᠨ ᠳᠠᠩ ᠴᠤᠯᠭᠤᠢ᠂ ᠣᠯᠠᠨ ᠵᠦᠢᠯ ᠤᠨ B ᠲᠥᠷᠥᠯ ᠤᠨ ᠸᠢᠲ᠋ᠠᠮᠢᠨ ᠳᠤᠲᠠᠭᠳᠠᠬᠤ ᠪᠤᠶᠤ | ᠸᠢᠲ᠋ᠠᠮᠢᠨ A ᠳᠤᠲᠠᠭᠳᠠᠬᠤ ︵ᠸᠢᠲ᠋ᠠᠮᠢᠨ B2᠂ ᠸᠢᠲ᠋ᠠᠮᠢᠨ B6 ᠳᠤᠲᠠᠭᠳᠠᠬᠤ ᠨᠢ ᠴᠥᠮ ᠲᠣᠰᠣ ᠨᠡᠪᠴᠢᠬᠦ | ᠴᠢᠨᠠᠷᠲᠠᠢ ᠠᠷᠠᠰᠤᠨ ᠤ ᠦᠷᠪᠢᠰᠦᠯ᠂ ᠠᠷᠠᠰᠤᠨ ᠤ ᠥᠭᠡᠬᠦ ᠬᠡᠲᠦᠷᠡᠪᠡᠯ ᠪᠤᠳᠤ ᠭᠠᠷᠬᠤ ᠶᠢ ᠠᠬᠢᠭᠤᠯᠵᠤ ᠮᠡᠳᠡᠨ᠎ᠡ︶ | ᠪᠠᠶᠢᠳᠠᠯ ᠣᠷᠣᠰᠢᠵᠤ ᠪᠠᠶᠢᠨ᠎ᠠ ︵ᠸᠢᠲ᠋ᠠᠮᠢᠨ B2᠂ ᠸᠢᠲ᠋ᠠᠮᠢᠨ B6 ᠳᠤᠲᠠᠭᠳᠠᠬᠤ ᠨᠢ ᠴᠥᠮ ᠲᠣᠰᠣ ᠨᠡᠪᠴᠢᠬᠦ | ᠴᠢᠨᠠᠷᠲᠠᠢ ᠠᠷᠠᠰᠤᠨ ᠤ ᠦᠷᠪᠢᠰᠦᠯ᠂ ᠠᠷᠠᠰᠤᠨ ᠤ ᠥᠭᠡᠬᠦ ᠬᠡᠲᠦᠷᠡᠪᠡᠯ ᠪᠤᠳᠤ ᠭᠠᠷᠬᠤ ᠶᠢ ᠠᠬᠢᠭᠤᠯᠵᠤ ᠮᠡᠳᠡᠨ᠎ᠡ᠃ | ᠸᠢᠲ᠋ᠠᠮᠢᠨ A ᠳᠤᠲᠠᠭᠳᠠᠪᠠᠯ ᠠᠷᠠᠰᠤᠨ ᠤ ᠡᠳᠡᠭᠡᠷᠡᠯᠲᠡ ᠶᠢᠨ ᠴᠢᠳᠠᠪᠤᠷᠢ ᠮᠠᠭᠤᠳᠠᠨ᠎ᠠ︶᠃ | 15.ᠭᠡᠳᠡᠰᠦᠨ ᠤ ᠵᠠᠮ ᠳᠡᠮᠡᠢ ᠨᠡᠪᠲᠡᠷᠡᠬᠦ ᠦᠭᠡᠢ ︵ᠪᠠᠺᠲ᠋ᠧᠷᠢ ᠶᠢᠨ ᠪᠦᠯᠦᠭ ᠰᠠᠮᠠᠭᠤᠷᠠᠬᠤ ᠨᠢ ᠠᠷᠠᠰᠤᠨ ᠤ | ᠠᠰᠠᠭᠤᠳᠠᠯ ᠢ ᠡᠭᠦᠰᠬᠡᠬᠦ ᠴᠢᠬᠤᠯᠠ ᠰᠢᠯᠲᠠᠭᠠᠨ ᠪᠣᠯᠣᠨ᠎ᠠ︶᠃ | 16.ᠬᠥᠳᠡᠯᠭᠡᠭᠡᠨ ᠬᠡᠲᠦᠷᠬᠡᠢ ᠪᠠᠭ᠎ᠠ᠂ ᠡᠰᠡᠬᠦᠯ᠎ᠡ ᠥᠨᠳᠥᠷ ᠬᠦᠴᠦᠯᠡᠴᠡ ᠲᠠᠢ ᠬᠥᠳᠡᠯᠭᠡᠭᠡᠨ ᠬᠡᠲᠦᠷᠡᠭᠰᠡᠨ︵ | ᠬᠥᠳᠡᠯᠭᠡᠭᠡᠨ ᠭᠦᠢᠴᠡᠳ ᠦᠭᠡᠢ ᠪᠣᠯ ᠨᠣᠶᠢᠷ ᠤᠨ ᠠᠷᠠᠯ ᠤᠨ ᠡᠳ᠋ ᠤᠨ ᠡᠰᠡᠷᠭᠦᠴᠡᠯ ᠪᠠ ᠮᠠᠷᠢᠶᠠᠯᠠᠬᠤ ᠶᠢ | ᠠᠬᠢᠭᠤᠯᠤᠨ᠎ᠠ᠂ ᠭᠡᠪᠡᠴᠦ ᠥᠨᠳᠥᠷ ᠬᠦᠴᠦᠯᠡᠴᠡ ᠲᠠᠢ ᠬᠥᠳᠡᠯᠭᠡᠭᠡᠨ ᠬᠡᠲᠦᠷᠬᠡᠢ ᠠᠷᠪᠢᠨ ᠪᠣᠯ ᠪᠠᠰᠠ ᠬᠤᠷᠮᠣᠨ ᠤ | ᠲᠦᠪᠰᠢᠨ ᠢ ᠰᠠᠮᠠᠭᠤᠷᠠᠭᠤᠯᠤᠨ᠎ᠠ︶᠃ | 17. ᠣᠶᠤᠨ ᠰᠠᠨᠠᠭᠠᠨ ᠤ ᠳᠠᠷᠤᠯᠲᠠ ᠨᠡᠯᠢᠶᠡᠳ ᠶᠡᠭᠡ᠂ ᠰᠡᠳᠬᠢᠯ ᠰᠠᠨᠠᠭ᠎ᠠ ᠪᠠᠶᠠᠰᠤᠩᠭᠤᠢ ᠪᠤᠰᠤ ︵ | ᠳᠠᠷᠤᠯᠲᠠ ᠪᠠ ᠵᠣᠪᠠᠨᠢᠯ ᠨᠢ ᠦᠷᠪᠢᠰᠦᠯ ᠤᠨ ᠲᠤᠰᠬᠠᠯ ᠢ ᠠᠬᠢᠭᠤᠯᠤᠨ᠎ᠠ︶᠃ | 18.ᠣᠷᠣᠢ ᠤᠨᠲᠠᠬᠤ᠂ ᠰᠥᠨᠢᠵᠢᠨ ᠰᠠᠭᠤᠬᠤ ᠪᠤᠶᠤ ᠦᠷᠭᠦᠯᠵᠢ ᠨᠣᠶᠢᠷ ᠬᠤᠯᠵᠢᠬᠤ︵ᠰᠥᠨᠢᠵᠢᠨ ᠰᠠᠭᠤᠬᠤ᠂ | ᠨᠣᠶᠢᠷ ᠬᠤᠯᠵᠢᠬᠤ ᠨᠢ ᠪᠦᠷ ᠦᠷᠪᠢᠰᠦᠯ ᠤᠨ ᠤᠷᠪᠠᠯ ᠢ ᠠᠬᠢᠭᠤᠯᠵᠤ᠂ ᠠᠷᠠᠰᠤᠨ ᠤ ᠡᠳᠡᠭᠡᠷᠡᠯᠲᠡ ᠶᠢᠨ ᠴᠢᠳᠠᠪᠤᠷᠢ ᠶᠢ | ᠪᠠᠭᠤᠷᠠᠭᠤᠯᠳᠠᠭ︶᠃ | 19.ᠭᠤᠶᠣᠯᠠᠯ ᠤᠨ ᠡᠳ᠋ ᠢ ᠬᠡᠲᠦᠷᠬᠡᠢ ᠠᠷᠪᠢᠨ ᠬᠡᠷᠡᠭᠯᠡᠬᠦ ᠪᠤᠶᠤ ᠠᠷᠠᠰᠤ ᠬᠠᠮᠠᠭᠠᠯᠠᠬᠤ ᠡᠳ᠋ ᠲᠤ ᠰᠡᠷᠭᠡᠭ | ᠪᠠᠶᠢᠬᠤ᠃ | 20. ᠵᠠᠷᠢᠮ ᠡᠮ ᠤᠨ ᠭᠠᠵᠢᠭᠤ ᠦᠢᠯᠡᠳᠦᠯ ᠢ ᠬᠡᠷᠡᠭᠯᠡᠬᠦ᠃ | ᠳᠡᠭᠡᠷᠡᠬᠢ 20 ᠵᠤᠷᠪᠤᠰ ᠨᠢ ᠥᠪᠡᠷ ᠢᠶᠠᠨ ᠲᠡᠭᠦᠨ ᠤ ᠳᠣᠲᠣᠷᠠᠬᠢ ᠬᠡᠳᠦᠨ ᠵᠤᠷᠪᠤᠰ ᠢ ᠨᠢ ᠣᠨᠣᠭᠠᠭᠰᠠᠨ ᠢ | ᠤᠯᠠᠨ ᠢᠶᠠᠷ ᠢᠶᠠᠨ ᠦᠵᠡᠭᠡᠷᠡᠢ᠃ᠡᠶᠢᠮᠦ ᠠᠴᠠ ᠬᠠᠮᠤᠭ ᠴᠢᠬᠤᠯᠠ ᠵᠠᠷᠴᠢᠮ ᠪᠣᠯ ᠡᠷᠡᠭᠦᠯ ᠴᠢᠭᠢᠷᠠᠭ ᠤᠨ ᠪᠠᠶᠢᠳᠠᠯ ᠢ | ᠰᠠᠶᠢᠵᠢᠷᠠᠭᠤᠯᠵᠤ᠂ ᠨᠣᠶᠢᠷ ᠤᠨ ᠠᠷᠠᠯ ᠤᠨ ᠡᠳ᠋ ᠤᠨ ᠡᠰᠡᠷᠭᠦᠴᠡᠯ ᠠᠴᠠ ᠵᠠᠶᠢᠯᠠᠰᠬᠢᠵᠦ᠂ ᠬᠤᠷᠮᠣᠨ ᠤ ᠲᠡᠩᠴᠡᠭᠦᠷᠢ ᠶᠢ | ᠲᠣᠬᠢᠷᠠᠭᠤᠯᠤᠨ᠂ ᠰᠢᠩᠭᠡᠭᠡᠯᠲᠡ ᠶᠢ ᠰᠠᠶᠢᠵᠢᠷᠠᠭᠤᠯᠵᠤ᠂ ᠦᠷᠪᠢᠰᠦᠯ ᠤᠨ ᠤᠷᠪᠠᠯ ᠢ ᠪᠠᠭᠠᠰᠬᠠᠨ᠎ᠠ᠃ | ᠳᠣᠣᠷᠠᠬᠢ 20 ᠵᠦᠢᠯ ᠤᠨ ᠠᠷᠠᠰᠤ ᠬᠠᠮᠠᠭᠠᠯᠠᠬᠤ ᠠᠷᠭ᠎ᠠ ᠶᠢ ᠲᠠᠨᠢᠯᠴᠠᠭᠤᠯᠵᠤ ᠢᠳᠡᠭᠡᠨ ᠤ ᠳᠠᠳᠬᠠᠯ ᠢ | ᠭᠤᠣᠯᠳᠠᠯᠭ᠎ᠠ ᠲᠠᠢ ᠰᠠᠶᠢᠵᠢᠷᠠᠭᠤᠯᠤᠨ᠎ᠠ | 1.ᠰᠢᠬᠢᠷᠯᠢᠭ ᠢᠳᠡᠭᠡᠨ ᠢ ᠪᠠᠭ᠎ᠠ ᠢᠳᠡᠵᠦ᠂ ᠰᠢᠬᠢᠷᠯᠢᠭ ᠤᠮᠳᠠᠭᠠᠨ ᠤᠤᠭᠤᠬᠤ ᠦᠭᠡᠢ᠂ ᠡᠭᠦᠨ ᠳᠤ ᠬᠦᠢᠲᠡᠨ | ᠤᠮᠳᠠᠭᠠᠨ ᠪᠠ ᠵᠢᠮᠢᠰ ᠤᠨ ᠰᠢᠭᠦᠰᠦ ᠪᠠᠭᠲᠠᠨ᠎ᠠ᠃ᠰᠠᠷ᠎ᠠ ᠶᠢᠨ ᠭᠬᠢᠷ ᠤᠨ ᠡᠮᠦᠨ᠎ᠡ ᠬᠡᠳᠦᠨ ᠡᠳᠦᠷ ᠢᠳᠡᠭᠡᠨ ᠤ ᠳᠤᠷᠠᠰᠢᠯ | ᠰᠠᠶᠢᠨ ᠦᠶ᠎ᠡ ᠳᠤ᠂ ᠭᠤᠣᠯ ᠢᠳᠡᠭᠡᠨ᠂ ᠵᠢᠮᠢᠰ ᠪᠠ ᠮᠢᠬ᠎ᠠ ᠥᠨᠳᠡᠭᠡ ᠪᠠᠨ ᠨᠡᠮᠡᠭᠳᠡᠭᠦᠯᠬᠦ ᠠᠴᠠ ᠪᠢᠰᠢ ᠰᠢᠬᠢᠷᠯᠢᠭ | ᠢᠳᠡᠭᠡᠨ ᠢᠳᠡᠵᠦ ᠪᠣᠯᠬᠤ ᠦᠭᠡᠢ᠂ ᠡᠰᠡ ᠲᠡᠭᠡᠪᠡᠯ ᠪᠤᠳᠤ ᠶᠢᠨ ᠡᠪᠡᠳᠴᠢᠨ ᠨᠠᠩ ᠬᠦᠨᠳᠦᠷᠡᠨ᠎ᠡ᠂ ᠡᠭᠦᠨ ᠠᠴᠠ | ᠭᠠᠳᠠᠨ᠎ᠠ᠂ ᠢᠳᠡᠭᠡᠨ ᠤ ᠳᠤᠷᠠᠰᠢᠯ ᠰᠠᠶᠢᠨ ᠦᠶ᠎ᠡ ᠳᠤ᠂ ᠭᠤᠣᠯ ᠢᠳᠡᠭᠡᠨ᠂ ᠵᠢᠮᠢᠰ᠂ ᠮᠢᠬ᠎ᠠ ᠥᠨᠳᠡᠭᠡ ᠪᠠᠨ | ᠨᠡᠮᠡᠭᠳᠡᠭᠦᠯᠬᠦ ᠠᠴᠠ ᠪᠢᠰᠢ᠂ ᠰᠢᠬᠢᠷᠯᠢᠭ ᠢᠳᠡᠭᠡᠨ ᠢᠳᠡᠵᠦ ᠪᠣᠯᠬᠤ ᠦᠭᠡᠢ᠃ | 2.ᠬᠠᠭᠠᠷᠢᠵᠤ ᠤᠲᠤᠬᠤ᠂ ᠴᠢᠨᠠᠵᠤ ᠪᠤᠴᠠᠯᠭᠠᠬᠤ ᠪᠠ ᠲᠦᠷᠭᠡᠨ ᠬᠠᠭᠤᠷᠬᠤ ᠵᠡᠷᠭᠡ ᠬᠠᠯᠠᠭᠤᠨ ᠠᠴᠠ ᠬᠡᠲᠦᠷᠡᠬᠦ | ᠦᠭᠡᠢ ᠬᠠᠭᠤᠷᠤᠯᠭ᠎ᠠ ᠶᠢᠨ ᠠᠷᠭ᠎ᠠ ᠶᠢ ᠪᠠᠭ᠎ᠠ ᠬᠡᠷᠡᠭᠯᠡᠨ᠎ᠡ᠃ | 3. ᠰᠢᠨ᠎ᠡ ᠰᠣᠷᠭᠤᠭ ᠲᠣᠰᠣ ᠪᠠᠷ ᠬᠠᠭᠤᠷᠴᠤ᠂ ᠵᠠᠬᠢᠶᠠᠯᠠᠭ᠎ᠠ ᠶᠢᠨ ᠬᠠᠭᠤᠷᠤᠯᠭ᠎ᠠ ᠶᠢ ᠪᠠᠭᠠᠰᠬᠠᠨ᠎ᠠ ︵ | ᠬᠤᠭᠤᠯᠠᠨ ᠭᠡᠷ ᠲᠤ ᠶᠡᠷᠦ ᠳᠡᠭᠡᠨ ᠲᠣᠰᠣ ᠪᠠᠷ ᠬᠢᠳᠡᠭ᠂ ᠲᠣᠰᠣᠨ ᠳᠠᠬᠢ ᠦᠷᠪᠢᠰᠦᠯ ᠢ ᠠᠬᠢᠭᠤᠯᠬᠤ ᠪᠣᠳᠠᠰ | ᠬᠡᠲᠦᠷᠬᠡᠢ ᠠᠷᠪᠢᠨ︶᠃ | 4. ᠰᠢᠨ᠎ᠡ ᠰᠣᠷᠭᠤᠭ ᠢᠳᠡᠰᠢᠨ ᠨᠣᠭᠤᠭ᠎ᠠ ᠶᠢ ᠬᠦᠷᠦᠯᠴᠡᠬᠦᠶᠢᠴᠡ ᠢᠳᠡᠨ᠎ᠡ᠃ᠰᠢᠩᠭᠡᠭᠡᠯᠲᠡ ᠶᠢᠨ ᠰᠢᠰᠲ᠋ᠧᠮ | ᠬᠡᠪ ᠤᠨ ᠪᠠᠶᠢᠬᠤ ᠤᠷᠢᠲᠠᠯ ᠳᠣᠣᠷ᠎ᠠ᠂ ᠡᠳᠦᠷ ᠪᠦᠷᠢ ᠨᠠᠭᠠᠲᠤ ᠵᠠᠬ᠎ᠠ ᠳᠠᠭᠠᠨ 500 ᠭᠷᠡᠮ ᠰᠢᠩᠭᠡᠭᠡᠯᠲᠡ ᠶᠢᠨ | ᠰᠢᠰᠲ᠋ᠧᠮ ᠪᠠᠶᠢᠬᠤ ᠬᠡᠷᠡᠭᠲᠡᠢ᠃ | 5. ᠰᠢᠩᠭᠡᠭᠡᠯᠲᠡ ᠶᠢᠨ ᠰᠢᠰᠲ᠋ᠧᠮ ᠤᠨ ᠵᠥᠪᠰᠢᠶᠡᠷᠡᠯ ᠢ ᠣᠯᠣᠭᠰᠠᠨ ᠤᠷᠢᠲᠠᠯ ᠳᠣᠣᠷ᠎ᠠ᠂ ᠭᠤᠣᠯᠳᠠᠭᠤ ᠪᠦᠬᠦᠯᠢ | ᠠᠮᠤ ᠶᠢᠨ ᠬᠤᠯᠢᠮᠠᠭ ᠪᠤᠷᠴᠠᠭ ᠢᠶᠠᠷ 1/3 ᠠᠴᠠ 1/2 ᠤᠨ ᠴᠠᠭᠠᠨ ᠪᠤᠳᠠᠭ᠎ᠠ ᠴᠠᠭᠠᠨ ᠭᠤᠯᠢᠷ ᠢ ᠣᠷᠣᠯᠠᠭᠤᠯᠤᠨ᠎ᠠ᠃ | 6. ᠬᠡᠷᠪᠡ ᠥᠩᠭᠡᠷᠡᠭᠰᠡᠨ ᠳᠤ ᠮᠢᠬ᠎ᠠ ᠢᠳᠡᠬᠦ ᠣᠨᠴᠠᠭᠠᠶ ᠳᠤᠷᠠᠲᠠᠢ ᠪᠠᠶᠢᠭᠰᠠᠨ ᠪᠣᠯ ᠮᠢᠬᠠᠨ ᠤ ᠬᠡᠮᠵᠢᠶ᠎ᠡ ᠶᠢ ᠨᠢ | ᠬᠠᠭᠠᠰ ᠢᠶᠠᠷ ᠪᠠᠭᠠᠰᠬᠠᠵᠤ᠂ ᠨᠢᠭᠡ ᠬᠡᠰᠡᠭ ᠲᠣᠰᠣᠨ ᠳᠤ ᠪᠤᠴᠠᠯᠭᠠᠭᠰᠠᠨ ᠦᠭᠡᠢ ᠵᠢᠭᠠᠰᠤ ᠪᠠ ᠪᠤᠷᠴᠠᠭ ᠤᠨ | ᠢᠳᠡᠭᠡᠨ ᠢᠶᠠᠷ ᠰᠣᠯᠢᠵᠤ ᠪᠣᠯᠣᠨ᠎ᠠ᠃ | 7. ᠲᠣᠰᠣᠨ ᠳᠤ ᠪᠤᠴᠠᠯᠭᠠᠭᠰᠠᠨ ᠮᠢᠬ᠎ᠠ ᠪᠤᠶᠤ ᠵᠢᠭᠠᠰᠤ ᠶᠢ ᠵᠠᠪᠠᠯ ᠢᠳᠡᠵᠦ᠂ ᠭᠤᠯᠢᠷ ᠤᠨ ᠵᠤᠲᠠᠩ ᠪᠤᠶᠤ | ᠲᠠᠯᠬ᠎ᠠ ᠶᠢᠨ ᠰᠢᠭᠠᠷᠤ ᠶᠢᠨ ᠬᠠᠯᠢᠰᠤ ᠶᠢ ᠨᠢ ᠠᠪᠴᠤ ᠬᠠᠶᠠᠬᠤ ᠬᠡᠷᠡᠭᠲᠡᠢ᠃ | 8. ᠬᠠᠲᠠᠭᠤ ᠵᠢᠮᠢᠰ ᠤᠨ ᠲᠣᠰᠣᠨ ᠤ ᠦᠷ᠎ᠡ ᠶᠢ ᠪᠢᠲᠡᠭᠡᠢ ᠬᠡᠲᠦ ᠠᠷᠪᠢᠨ ᠢᠳᠡ᠂ ᠰᠢᠨ᠎ᠡ ᠰᠣᠷᠭᠤᠭ ᠤᠤᠯ | ᠠᠮᠲᠠ ᠶᠢᠨ ᠪᠦᠲᠦᠭᠡᠭᠳᠡᠬᠦᠨ ᠢ ᠰᠣᠩᠭᠤᠵᠤ᠂ ᠵᠥᠪᠬᠡᠨ ᠥᠷᠯᠥᠭᠡ ᠳᠡᠭᠡᠨ ᠪᠠᠭ᠎ᠠ ᠬᠡᠮᠵᠢᠶ᠎ᠡ ᠪᠠᠷ ᠢᠳᠡᠨ᠎ᠡ᠃ | 9. ᠬᠡᠰᠡᠭ ᠬᠥᠮᠥᠰ ᠱᠣᠺᠣᠯᠠᠳ᠋ ᠪᠣᠯᠣᠨ ᠺᠠᠺᠠᠣ ᠴᠡᠴᠡᠭ ᠢ ᠠᠬᠢᠭᠤᠯᠬᠤ ᠲᠤᠰᠬᠠᠯ ᠲᠠᠢ ᠪᠠᠶᠢᠳᠠᠭ᠃ ᠬᠡᠷᠪᠡ | ᠢᠮᠦ ᠶᠤᠮ ᠪᠣᠯ ᠲᠡᠭᠦᠨ ᠢ ᠴᠡᠭᠡᠷᠯᠡ᠃ | 10.ᠺᠣᠹᠧ᠂ ᠬᠠᠷ᠎ᠠ ᠴᠠᠢ ᠤᠤᠭᠤᠬᠤ ᠳᠠᠭᠠᠨ ᠰᠢᠬᠢᠷ ᠪᠠ ᠰᠦᠨ ᠤ ᠤᠭᠢ ᠬᠢᠵᠦ ᠪᠣᠯᠬᠤ ᠦᠭᠡᠢ᠂ ᠰᠢᠬᠢᠷᠯᠢᠭ | ᠰᠦ ᠲᠠᠢ ᠴᠠᠢ ᠶᠢ ᠴᠡᠭᠡᠷᠯᠡᠨ᠎ᠡ᠃ | 11.ᠤᠤᠯ ᠨᠢ ᠴᠠᠭᠠᠨ ᠢᠳᠡᠭᠡ ᠠᠷᠪᠢᠨ ᠢᠳᠡᠵᠦ ᠪᠠᠶᠢᠭᠰᠠᠨ ᠬᠥᠮᠥᠰ ᠦᠨᠢᠶᠡᠨ ᠰᠦ ᠪᠣᠯᠣᠨ ᠰᠦᠨ | ᠲᠠᠯᠬ᠎ᠠ ᠶᠢ ᠲᠦᠷ ᠴᠠᠭ ᠴᠡᠭᠡᠷᠯᠡᠵᠦ᠂ ᠰᠢᠬᠢᠷ ᠦᠭᠡᠢ ᠡᠭᠡᠳᠡᠭᠰᠡᠨ ᠰᠦ ᠪᠣᠯᠭᠠᠨ ᠥᠭᠡᠷᠡᠴᠢᠯᠡᠵᠦ ᠲᠤᠷᠰᠢᠵᠤ ᠦᠵᠡᠨ᠎ᠡ᠃ | ᠬᠡᠷᠪᠡ ᠪᠠᠰᠠ ᠪᠣᠯᠬᠤ ᠦᠭᠡᠢ ᠪᠣᠯ ᠰᠢᠬᠢᠷ ᠦᠭᠡᠢ ᠪᠤᠷᠴᠠᠭ ᠤᠨ ᠤᠭᠤᠷᠠᠭ ᠢᠶᠠᠷ ᠰᠣᠯᠢᠨ᠎ᠠ᠃ᠤᠷᠭᠤᠮᠠᠯ ᠤᠨ ᠰᠦᠨ | ᠳᠣᠲᠣᠷ᠎ᠠ ᠶᠡᠷᠦ ᠳᠡᠭᠡᠨ ᠰᠢᠬᠢᠷ ᠬᠢᠬᠦ ᠪᠤᠶᠤ ᠴᠠᠷᠳᠠᠭᠤᠯ ᠤᠨ ᠢᠰᠬᠡᠭᠦᠷ ᠢᠶᠠᠷ ᠤᠰᠤᠵᠢᠭᠤᠯᠤᠨ ᠵᠠᠳᠠᠷᠠᠭᠤᠯᠪᠠᠯ ᠪᠠᠰᠠ | ᠰᠢᠬᠢᠷ ᠡᠭᠦᠰᠳᠡᠭ᠂ ᠡᠶᠢᠮᠦ ᠠᠴᠠ ᠨᠠᠶᠢᠷᠠᠯᠭ᠎ᠠ ᠶᠢᠨ ᠬᠦᠰᠦᠨᠦᠭᠲᠦ ᠪᠣᠯᠣᠨ ᠨᠠᠶᠢᠷᠠᠯᠭ᠎ᠠ ᠶᠢᠨ ᠬᠦᠰᠦᠨᠦᠭᠲᠦ ᠶᠢ ᠨᠠᠷᠢᠨ | ᠨᠢᠭᠲᠠ ᠦᠵᠡᠬᠦ ᠬᠡᠷᠡᠭᠲᠡᠢ᠃ | 12.ᠬᠡᠳᠦ ᠬᠦᠨᠳᠦ ᠮᠠᠷᠢᠶ᠎ᠠ ᠲᠠᠢ ᠬᠥᠮᠥᠨ ᠮᠠᠷᠢᠶ᠎ᠠ ᠪᠠᠨ ᠰᠢᠭᠤᠷᠠᠭᠤᠯᠤᠨ᠎ᠠ᠂ ᠭᠡᠬᠦ ᠳᠡᠭᠡᠨ ᠬᠡᠲᠦᠷᠬᠡᠢ ᠰᠢᠷᠦᠭᠦᠨ | ᠢᠳᠡᠬᠦ ᠪᠠᠨ ᠪᠠᠭᠠᠰᠬᠠᠬᠤ ᠠᠷᠭ᠎ᠠ ᠶᠢ ᠬᠡᠷᠡᠭᠯᠡᠵᠦ ᠪᠣᠯᠬᠤ ᠦᠭᠡᠢ᠂ ᠳᠠᠬᠢᠨ ᠰᠡᠷᠭᠦᠬᠦ ᠠᠴᠠ ᠬᠢᠴᠢᠶᠡᠬᠦ ᠬᠡᠷᠡᠭᠲᠡᠢ᠃ | 13.ᠪᠡᠶ᠎ᠡ ᠶᠢᠨ ᠥᠭᠡᠬᠦ ᠨᠢ ᠬᠡᠳᠦ ᠥᠨᠳᠥᠷ ᠪᠤᠶᠤ ᠪᠤᠯᠴᠢᠩ ᠨᠢ ᠪᠠᠭᠤᠷᠠᠢ ᠬᠥᠮᠥᠨ ᠬᠥᠳᠡᠯᠭᠡᠭᠡᠨ ᠢᠶᠠᠨ | ᠨᠡᠮᠡᠭᠳᠡᠭᠦᠯᠵᠦ᠂ ᠪᠤᠯᠴᠢᠩ ᠢᠶᠠᠨ ᠨᠡᠮᠡᠭᠳᠡᠭᠦᠯᠦᠨ ᠥᠭᠡᠬᠦ ᠪᠠᠨ ᠪᠠᠭᠠᠰᠬᠠᠬᠤ ᠬᠡᠷᠡᠭᠲᠡᠢ᠃ | 14.ᠰᠢᠩᠭᠡᠭᠡᠯᠲᠡ ᠶᠢᠨ ᠴᠢᠳᠠᠪᠤᠷᠢ ᠶᠢ ᠬᠠᠮᠠᠭᠠᠯᠠᠵᠤ᠂ ᠬᠤᠳᠣᠭᠤᠳᠤ ᠪᠠ ᠭᠡᠳᠡᠰᠦᠨ ᠤ ᠰᠠᠭᠠᠳ ᠦᠭᠡᠢ | ᠪᠠᠶᠢᠬᠤ ᠶᠢ ᠪᠠᠲᠤᠯᠠᠨ᠎ᠠ᠃ | 15.ᠬᠡᠷᠪᠡ ᠰᠢᠩᠭᠡᠭᠡᠯᠲᠡ ᠶᠢᠨ ᠴᠢᠳᠠᠪᠤᠷᠢ ᠮᠠᠭᠤ ᠪᠣᠯ ᠭᠤᠷᠪᠠᠳᠤᠭᠠᠷ ᠳᠡᠰ ᠤᠨ ᠬᠥᠬᠡ ᠳᠡᠰ ᠤᠨ | ᠡᠮᠨᠡᠯᠭᠡ ᠶᠢᠨ ᠬᠤᠷᠢᠶᠠᠨ ᠤ ᠬᠤᠪᠢᠷᠠᠮᠠᠯ ᠤᠷᠪᠠᠯ ᠤᠨ ᠰᠠᠯᠠᠭ᠎ᠠ ᠳᠤ ᠣᠴᠢᠵᠤ ᠢᠳᠡᠭᠡᠨ ᠳᠠᠭᠠᠭᠠᠬᠤ ᠦᠭᠡᠢ ᠪᠠ | ᠢᠳᠡᠭᠡᠨ ᠳᠤ ᠬᠠᠷᠰᠢᠬᠤ ᠪᠠᠶᠢᠴᠠᠭᠠᠯᠲᠠ ᠬᠢᠵᠦ᠂ ᠠᠰᠠᠭᠤᠳᠠᠯ ᠲᠠᠢ ᠢᠳᠡᠭᠡᠨ ᠢ ᠠᠷᠢᠯᠭᠠᠨ᠎ᠠ᠃ | 16. ᠰᠢᠮ᠎ᠡ ᠲᠡᠵᠢᠭᠡᠯ ᠤᠨ ᠮᠡᠷᠭᠡᠵᠢᠯᠲᠡᠨ ᠢᠶᠠᠷ ᠬᠠᠪᠰᠤᠷᠤᠭᠤᠯᠤᠨ ᠥᠪᠡᠷ ᠤᠨ ᠪᠡᠶ᠎ᠡ ᠳᠤᠨᠢ ᠸᠢᠲ᠋ᠠᠮᠢᠨ | ᠬᠦᠷᠦᠯᠴᠡᠬᠦ ᠦᠭᠡᠢ ᠪᠠᠶᠢᠳᠠᠯ ᠣᠷᠣᠰᠢᠵᠤ ᠪᠠᠶᠢᠬᠤ ᠡᠰᠡᠬᠦ ᠶᠢ ᠦᠨᠡᠯᠡᠭᠦᠯᠦᠨᠡ᠂ ᠬᠡᠷᠪᠡ ᠪᠠᠶᠢᠬᠤ ᠳᠤ ᠬᠦᠷᠪᠡᠯ᠂ | ᠵᠣᠬᠢᠬᠤ ᠬᠡᠮᠵᠢᠶᠡᠨ ᠤ ᠣᠯᠠᠨ ᠵᠦᠢᠯ ᠤᠨ ᠸᠢᠲ᠋ᠠᠮᠢᠨ᠂ ᠣᠨᠴᠠᠭᠠᠶᠢᠯᠠᠨ B ᠲᠥᠷᠥᠯ ᠤᠨ ᠸᠢᠲ᠋ᠠᠮᠢᠨ ᠶᠢ | ᠨᠥᠬᠦᠪᠦᠷᠢᠯᠡᠵᠦ ᠪᠣᠯᠣᠨ᠎ᠠ᠃ | 17.ᠡᠷᠲᠡ ᠤᠨᠲᠠᠵᠤ᠂ ᠨᠣᠶᠢᠷ ᠤᠨ ᠴᠢᠨᠠᠷ ᠢ ᠳᠡᠭᠡᠭᠰᠢᠯᠡᠭᠦᠯᠦᠨ᠎ᠡ᠃ᠤᠨᠲᠠᠬᠤ ᠠᠴᠠ ᠪᠠᠨ ᠡᠮᠦᠨ᠎ᠡ ᠨᠢᠭᠡ | ᠴᠠᠭ ᠤᠨ ᠡᠮᠦᠨ᠎ᠡ ᠭᠠᠳᠠᠭᠰᠢ ᠭᠠᠷᠴᠤ ᠠᠯᠬᠤᠯᠠᠬᠤ ᠪᠤᠶᠤ ᠶᠤᠭ᠎ᠠ ᠬᠢᠬᠦ ᠠᠴᠠ ᠪᠢᠰᠢ ᠭᠠᠷ ᠤᠲᠠᠰᠤ ᠦᠵᠡᠳᠡᠭ ᠦᠭᠡᠢ᠃ | | 18. ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠪᠤᠬᠢᠨᠢᠳᠤᠯ ᠢᠶᠠᠨ ᠲᠠᠶᠢᠯᠤᠨ᠎ᠠ᠃ | 19.ᠥᠪᠡᠷᠲᠡᠭᠡᠨ ᠡᠮ ᠤᠤᠭᠤᠵᠤ ᠪᠣᠯᠬᠤ ᠦᠭᠡᠢ᠃ᠬᠡᠷᠡᠭᠯᠡᠬᠦ ᠠᠴᠠ ᠪᠠᠨ ᠡᠮᠦᠨ᠎ᠡ ᠠᠷᠠᠰᠤᠨ ᠤ ᠰᠠᠯᠠᠭᠠᠨ ᠤ | ᠡᠮᠴᠢ ᠪᠠ ᠡᠮ ᠨᠠᠶᠢᠷᠠᠭᠴᠢ ᠠᠴᠠ ᠠᠰᠠᠭᠤᠨ ᠯᠠᠪᠯᠠᠵᠤ᠂ ᠪᠤᠳᠤ ᠶᠢᠨ ᠤᠷᠪᠠᠯ ᠡᠭᠦᠰᠬᠦ ᠡᠰᠡᠬᠦ ᠶᠢ ᠣᠶᠢᠯᠭᠠᠨ᠎ᠠ᠃ | 20. ᠠᠷᠠᠰᠤ ᠬᠠᠮᠠᠭᠠᠯᠠᠬᠤ ᠡᠳ᠋ ᠤᠨ ᠲᠤᠬᠠᠢ ᠠᠷᠠᠰᠤᠨ ᠤ ᠰᠠᠯᠠᠭᠠᠨ ᠤ ᠡᠮᠴᠢ ᠪᠤᠶᠤ ᠵᠢᠰᠦ ᠭᠤᠶᠣᠯᠠᠬᠤ | ᠮᠡᠷᠭᠡᠵᠢᠯᠲᠡᠨ ᠠᠴᠠ ᠶᠠᠮᠠᠷ ᠲᠥᠷᠥᠯ ᠤᠨ ᠪᠦᠲᠦᠭᠡᠭᠳᠡᠬᠦᠨ ᠢ ᠬᠡᠷᠡᠭᠯᠡᠵᠦ ᠪᠣᠯᠬᠤ ᠶᠢ ᠠᠰᠠᠭᠤᠨ ᠯᠠᠪᠯᠠᠵᠤ ᠪᠣᠯᠣᠨ᠎ᠠ᠃ | ᠰᠡᠪᠬᠡ ᠭᠠᠷᠤᠭᠠᠳ ᠪᠤᠬᠢᠨᠢᠳᠤᠪᠠᠯ ᠰᠡᠳᠦᠯᠲᠡ ᠶᠢᠨ ᠴᠢᠨᠠᠷᠲᠠᠢ ᠢᠳᠡᠭᠡᠨ ᠢ ᠢᠳᠡᠵᠦ ᠲᠠᠶᠢᠯᠤᠨ᠎ᠠ ᠤᠤ︖ | ᠡᠭᠦᠨ ᠢ ᠶᠠᠷᠢᠬᠤ ᠳᠤ ᠮᠠᠰᠢ ᠤᠯᠠᠨ ᠬᠥᠮᠥᠰ ᠠᠰᠠᠭᠤᠬᠤ ᠳᠠᠭᠠᠨ᠄ ᠰᠡᠪᠬᠡ ᠭᠠᠷᠤᠭᠰᠠᠨ ᠠᠴᠠ ᠪᠢ | ᠰᠡᠳᠦᠯᠲᠡ ᠶᠢᠨ ᠴᠢᠨᠠᠷᠲᠠᠢ ᠢᠳᠡᠭᠡᠨ ᠢ ᠢᠳᠡᠵᠦ ᠴᠢᠳᠠᠬᠤ ᠦᠭᠡᠢ᠂ ᠲᠡᠭᠡᠪᠡᠯ ᠯᠠᠵᠤᠤ᠂ ᠬᠤᠸᠠᠵᠤᠤ᠂ ᠺᠠᠷᠢ᠂ ᠭᠠᠶᠢᠮᠤ ᠶᠢᠨ | ᠲᠠᠯᠬ᠎ᠠ ᠵᠡᠷᠭᠡ ᠶᠢ ᠪᠠᠰᠠ ᠢᠳᠡᠵᠦ ᠪᠣᠯᠣᠨ᠎ᠠ ᠤᠣ ᠦᠭᠡᠢ ᠤᠤ︖ ᠭᠡᠵᠦ ᠠᠰᠠᠭᠤᠬᠤ ᠳᠤ ᠬᠦᠷᠦᠨ᠎ᠠ᠃ | ᠦᠨᠡᠨ ᠳᠡᠭᠡᠨ ᠢᠳᠡᠵᠦ ᠪᠣᠯᠬᠤ ᠶᠤᠮ᠃ᠬᠡᠷᠪᠡ ᠲᠣᠰᠣᠨ ᠳᠤ ᠪᠤᠴᠠᠯᠭᠠᠭᠰᠠᠨ ᠦᠭᠡᠢ ᠯᠠᠵᠤᠤ ᠪᠠ ᠬᠤᠸᠠᠵᠤᠤ | ᠢᠳᠡᠪᠡᠯ ᠰᠡᠪᠬᠡ ᠭᠠᠷᠬᠤ ᠦᠭᠡᠢ ᠶᠤᠮ᠃ᠣᠳᠣᠬᠠᠨ ᠳᠤ ᠺᠠᠷᠢ᠂ ᠭᠠᠶᠢᠮᠤ ᠶᠢᠨ ᠨᠤᠨᠳᠠᠭ᠂ ᠯᠤᠷᠧ ᠮᠡᠲᠦ ᠶᠢᠨ | ᠦᠨᠦᠷᠲᠦ ᠣᠺᠲ᠋ᠠ ᠰᠡᠪᠬᠡ ᠶᠢ ᠠᠬᠢᠭᠤᠯᠬᠤ ᠰᠤᠷᠪᠤᠯᠵᠢ ᠪᠢᠴᠢᠭ ᠤᠨ ᠮᠡᠳᠡᠭᠡᠯᠡᠯ ᠴᠦ ᠪᠠᠶᠢᠬᠤ ᠦᠭᠡᠢ᠃ | ᠵᠠᠷᠢᠮ ᠰᠤᠷᠪᠤᠯᠵᠢ ᠪᠢᠴᠢᠭ ᠤᠨ ᠮᠡᠳᠡᠭᠡᠯᠡᠭᠰᠡᠨ ᠢᠶᠠᠷ᠂ ᠬᠤᠸᠠᠵᠤᠤ ᠶᠢᠨ ᠣᠬᠢ ᠲᠣᠰᠣ ᠵᠡᠷᠭᠡ ᠵᠠᠷᠢᠮ ᠦᠨᠦᠷᠲᠦ | ᠣᠺᠲ᠋ᠠ ᠶᠢᠨ ᠣᠬᠢ ᠲᠣᠰᠣ ᠨᠢ ᠴᠢᠨᠠᠭᠰᠢᠯᠠᠭᠠᠳ ᠠᠷᠠᠰᠤᠨ ᠤ ᠡᠪᠡᠳᠴᠢᠨ ᠡᠭᠦᠰᠬᠡᠬᠦ ᠪᠠᠺᠲ᠋ᠧᠷᠢ ᠶᠢ ᠬᠤᠷᠢᠭᠯᠠᠬᠤ | ᠦᠢᠯᠡᠳᠦᠯ ᠲᠠᠢ ᠪᠠᠶᠢᠳᠠᠭ᠂ ᠡᠭᠦᠨ ᠳᠤ ᠬᠦᠨᠳᠦ ᠰᠡᠪᠬᠡ ᠵᠡᠷᠭᠡ ᠠᠷᠠᠰᠤᠨ ᠤ ᠡᠪᠡᠳᠴᠢᠨ ᠲᠠᠢ ᠮᠠᠰᠢ ᠶᠡᠭᠡ | ᠬᠤᠯᠪᠣᠭ᠎ᠠ ᠲᠠᠢ ᠰᠡᠪᠬᠡ ᠫᠷᠣᠫᠠ ᠬᠦᠴᠢᠯ ᠤᠨ ᠰᠠᠪᠬᠠᠨᠴᠢᠷ ᠪᠠᠺᠲ᠋ᠧᠷᠢ᠂ ᠥᠩᠭᠡᠨ ᠠᠷᠠᠰᠤᠨ ᠤ ᠦᠵᠦᠮᠯᠢᠭ | ᠪᠥᠮᠪᠥᠭᠡᠨ ᠪᠠᠺᠲ᠋ᠧᠷᠢ᠂ ᠠᠯᠲᠠᠨ ᠰᠢᠷᠭᠠᠯ ᠦᠵᠦᠮᠯᠢᠭ ᠪᠥᠮᠪᠥᠭᠡᠨ ᠪᠠᠺᠲ᠋ᠧᠷᠢ ᠵᠡᠷᠭᠡ ᠪᠠᠭᠲᠠᠨ᠎ᠠ᠃ᠡᠶᠢᠮᠦ ᠠᠴᠠ | ᠳᠡᠪᠲᠦᠭᠡᠭᠰᠡᠨ ᠯᠠᠵᠤᠤ᠂ ᠬᠠᠲᠠᠭᠠᠭᠰᠠᠨ ᠯᠠᠵᠤᠤ ᠶᠢᠨ ᠨᠤᠨᠳᠠᠭ ᠢᠶᠠᠷ ᠬᠢᠭᠰᠡᠨ ᠢᠳᠡᠭᠡᠨ ᠵᠢᠴᠢ ᠬᠤᠸᠠᠵᠤᠤ᠂ ᠨᠠᠶᠢᠮᠤ᠂ | ᠰᠠᠷᠠᠨ ᠭᠠᠪᠢᠷ᠎ᠠ ᠶᠢᠨ ᠨᠠᠪᠴᠢ ᠪᠠᠷ ᠴᠢᠨᠠᠭᠰᠠᠨ ᠲᠠᠪᠤᠨ ᠠᠮᠲᠠᠲᠤ ᠢᠳᠡᠭᠡᠨ ᠪᠦᠷ ᠬᠠᠮᠢᠶ᠎ᠠ ᠦᠭᠡᠢ ᠶᠤᠮ᠃ | ᠭᠡᠪᠡᠴᠦ ᠮᠠᠰᠢ ᠣᠯᠠᠨ ᠬᠥᠮᠥᠨ ᠠᠮᠲᠠ ᠰᠢᠮᠲᠡ ᠲᠠᠢ ᠢᠳᠡᠭᠡᠨ ᠢᠳᠡᠭᠰᠡᠨ ᠤ ᠳᠠᠷᠠᠭ᠎ᠠ ᠦᠨᠡᠬᠡᠷ ᠠᠷᠠᠰᠤᠨ ᠳᠤ | ᠶᠠᠷᠰᠢᠭ ᠲᠦᠪᠡᠭ ᠠᠪᠴᠢᠷᠠᠳᠠᠭ ᠪᠠᠶᠢᠨ᠎ᠠ ᠭᠡᠵᠦ ᠲᠣᠳᠣᠷᠬᠠᠢ ᠵᠢᠭᠠᠵᠤ ᠭᠠᠷᠭᠠᠵᠠᠢ᠂ ᠭᠡᠪᠡᠴᠦ ᠮᠠᠰᠢ ᠣᠯᠠᠨ ᠬᠥᠮᠥᠨ | ᠠᠮᠲᠠ ᠰᠢᠮᠲᠡ ᠲᠠᠢ ᠢᠳᠡᠭᠡᠨ ᠢᠳᠡᠭᠰᠡᠨ ᠤ ᠳᠠᠷᠠᠭ᠎ᠠ᠂ ᠦᠨᠡᠬᠡᠷ ᠠᠷᠠᠰᠤ ᠮᠢᠬᠠᠨ ᠳᠤ ᠶᠠᠷᠰᠢᠭ ᠲᠦᠪᠡᠭ | ᠠᠪᠴᠢᠷᠠᠳᠠᠭ᠃ᠵᠥᠪᠬᠡᠨ ᠬᠠᠪᠲᠠᠰᠤ ᠶᠢ ᠦᠨᠦᠷᠲᠦ ᠣᠺᠲ᠋ᠠ ᠳᠡᠭᠡᠷ᠎ᠡ ᠬᠢᠵᠦ ᠪᠣᠯᠬᠤ ᠦᠭᠡᠢ᠂ ᠥᠨᠳᠥᠷ ᠳᠤᠯᠠᠭᠠᠨ ᠳᠤ | ᠲᠣᠰᠣᠨ ᠳᠤ ᠪᠤᠴᠠᠯᠭᠠᠬᠤ ᠪᠠ ᠰᠢᠷᠠᠬᠤ ᠨᠢ ᠡᠪᠡᠳᠴᠢᠨ ᠡᠭᠦᠰᠬᠡᠬᠦ ᠰᠢᠯᠲᠠᠭᠠᠨ ᠪᠠᠶᠢᠵᠤ ᠮᠡᠳᠡᠨ᠎ᠡ᠃ | ᠢᠳᠡᠭᠡᠨ ᠤ ᠮᠠᠲ᠋ᠧᠷᠢᠶᠠᠯ ᠢ ᠥᠨᠳᠥᠷ ᠳᠤᠯᠠᠭᠠᠨ ᠳᠤ ᠲᠣᠰᠣᠨ ᠳᠤ ᠪᠤᠴᠠᠯᠭᠠᠬᠤ ᠪᠤᠶᠤ ᠰᠢᠷᠠᠭᠰᠠᠨ ᠤ ᠳᠠᠷᠠᠭ᠎ᠠ | ᠣᠯᠠᠨ ᠴᠠᠭᠠᠷᠢᠭᠲᠤ ᠦᠨᠦᠷᠲᠦ ᠨᠡᠭᠦᠷᠦᠭᠴᠢ ᠶᠢᠨ ᠲᠥᠷᠥᠯ ᠤᠨ ᠪᠣᠳᠠᠰ ᠪᠠ ᠰᠡᠭᠦᠯᠴᠢ ᠶᠢᠨ ᠬᠤᠭᠤᠴᠠᠭᠠᠨ ᠤ | ᠰᠢᠬᠢᠷᠵᠢᠭᠰᠡᠨ ᠰᠡᠭᠦᠯᠴᠢ ᠶᠢᠨ ᠬᠡᠰᠡᠭ ᠤᠨ ᠪᠦᠲᠦᠭᠡᠭᠳᠡᠬᠦᠨ ᠡᠭᠦᠰᠬᠡᠨ᠎ᠡ᠂ ᠲᠡᠳᠡᠭᠡᠷ ᠨᠢ ᠴᠥᠮ ᠴᠢᠩᠭ᠎ᠠ ᠬᠦᠴᠦᠲᠡᠢ | ᠦᠷᠪᠢᠰᠦᠯ ᠢ ᠠᠬᠢᠭᠤᠯᠬᠤ ᠪᠣᠳᠠᠰ ᠪᠠᠶᠢᠵᠤ᠂ ᠠᠷᠠᠰᠤᠨ ᠤ ᠦᠷᠪᠢᠰᠦᠯ ᠢ ᠬᠦᠨᠳᠦᠷᠡᠭᠦᠯᠦᠨ ᠰᠡᠪᠬᠡ ᠶᠢ | ᠬᠦᠨᠳᠦᠷᠡᠭᠦᠯᠵᠦ᠂ ᠠᠷᠠᠰᠤᠨ ᠤ ᠥᠲᠡᠯᠬᠦ ᠶᠢ ᠠᠬᠢᠭᠤᠯᠳᠠᠭ᠃ | ᠸᠧᠨ/ᠹᠠᠨ ᡁᠢ ᠬᠤᠩ ︵ᠳᠤᠮᠳᠠᠳᠤ ᠤᠯᠤᠰ ᠤᠨ ᠰᠢᠮ᠎ᠡ ᠲᠡᠵᠢᠭᠡᠯ ᠤᠨ ᠨᠡᠶᠢᠭᠡᠮᠯᠢᠭ ᠤᠨ ᠬᠡᠷᠡᠭ ᠡᠷᠬᠢᠯᠡᠭᠴᠢ᠂ | ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠶᠢᠭᠡᠮᠯᠢᠭ ᠤᠨ ᠤᠷᠢᠭᠰᠠᠨ ᠰᠢᠨᠵᠢᠯᠡᠬᠦ ᠤᠬᠠᠭᠠᠨ ᠤ | ᠳᠠᠮᠵᠢᠭᠤᠯᠭ᠎ᠠ ᠶᠢᠨ ᠲᠡᠷᠢᠭᠦᠨ ᠮᠡᠷᠭᠡᠵᠢᠯᠲᠡᠨ︶ | ︽ᠬᠠᠷᠢᠭᠤᠴᠠᠯᠭᠠᠲᠤ ᠨᠠᠶᠢᠷᠠᠭᠤᠯᠤᠭᠴᠢ᠄ ᠰᠦᠨ ᠬᠤᠢ︾ | | ᠤᠷᠴᠢᠭᠤᠯᠤᠭᠴᠢ᠄ ᠰᠤᠷᠤᠨ᠎ᠠ | ᠬᠢᠨᠠᠭᠴᠢ᠄ ᠡᠷᠳᠡᠨᠢᠴᠢᠮᠡᠭ | |