ᠰᠢᠨ᠎ᠡ ᠴᠢᠯᠠᠭᠤᠨ ᠵᠡᠪᠰᠡᠭ ᠤᠨ ᠦᠶ᠎ᠡ | ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠲᠡᠮᠤᠷᠲᠠᠢ ᠪᠠᠯᠭᠠᠰᠤ᠂ ᠪᠠᠶᠠᠨᠴᠠᠭᠠᠨ ᠪᠠᠯᠭᠠᠰᠤ ᠪᠣᠯ | ᠴᠥᠮ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠣᠶᠣᠯ ᠤᠨ ᠲᠠᠷᠬᠠᠯᠲᠠ ᠶᠢᠨ ᠭᠠᠵᠠᠷ ᠪᠠᠶᠢᠵᠤ᠂ ᠬᠢᠯᠢ ᠶᠢᠨ | ᠳᠣᠲᠣᠷᠠᠬᠢ ᠰᠢᠨ᠎ᠡ ᠴᠢᠯᠠᠭᠤᠨ ᠵᠡᠪᠰᠡᠭ ᠨᠢ ᠭᠤᠤᠯᠳᠠᠭᠤ ᠨᠠᠷᠢᠯᠢᠭ ᠴᠢᠯᠠᠭᠤᠨ ᠵᠡᠪᠰᠡᠭ ᠤᠨ ᠦᠯᠡᠳᠡᠭᠳᠡᠯ ᠪᠣᠯᠤᠨ᠎ᠠ᠃ | ᠨᠠᠷᠢᠯᠢᠭ ᠴᠢᠯᠠᠭᠤᠨ ᠵᠡᠪᠰᠡᠭ ᠤᠨ ᠰᠣᠶᠣᠯ ᠪᠣᠯ ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠰᠡᠭᠦᠯᠴᠢ ᠶᠢᠨ | ᠦᠶ᠎ᠡ ᠠᠴᠠ ᠡᠬᠢᠯᠡᠨ ᠪᠤᠶ ᠪᠣᠯᠵᠤ᠂ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠣᠷᠣᠰᠢᠵᠤ ᠪᠠᠶᠢᠭᠰᠠᠨ ᠨᠢᠭᠡ | ᠵᠦᠢᠯ ᠤᠨ ᠰᠣᠶᠣᠯ ᠤᠨ ᠲᠥᠷᠥᠯ ᠪᠣᠯᠤᠨ᠎ᠠ᠂ ᠡᠨᠡ ᠨᠢ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠢᠯᠢ | ᠳᠣᠲᠣᠷ᠎ᠠ ᠬᠠᠮᠤᠭ ᠡᠷᠲᠡ ᠳᠡᠭᠡᠨ 4000 ᠵᠢᠯ ᠤᠨ ᠡᠮᠦᠨ᠎ᠡ ᠳᠠᠷᠤᠶ ᠬᠥᠮᠦᠨ ᠲᠥᠷᠥᠯᠬᠢᠲᠡᠨ ᠤ ᠠᠵᠢᠯᠯᠠᠭᠠᠨ ᠤ | ᠤᠯᠠ ᠮᠥᠷ ᠪᠠᠶᠢᠭᠰᠠᠨ ᠢ ᠬᠠᠷᠠᠭᠤᠯᠵᠤ ᠪᠠᠶᠢᠨ᠎ᠠ᠃ | ᠴᠦᠨ ᠴᠢᠦ ᠪᠠᠶᠢᠯᠳᠤᠭᠠᠨᠲᠤ ᠤᠯᠤᠰ ᠤᠨ ᠦᠶ᠎ᠡ | ᠴᠦᠨ ᠴᠢᠦ ᠶᠢᠨ ᠦᠶ᠎ᠡ ᠳᠤ ᠴᠠᠬᠠᠷ ᠤᠨ ᠪᠠᠷᠠᠭᠤᠨ ᠭᠠᠷᠤᠨ ᠬᠤᠶᠢᠲᠤ ᠬᠤᠰᠢᠭᠤᠨ ᠳᠤ ᠳᠠᠷᠤᠶ ᠮᠠᠨ ᠤ | ᠤᠯᠤᠰ ᠤᠨ ᠤᠮᠠᠷᠠᠲᠤ ᠶᠢᠨ ᠨᠡᠭᠦᠳᠡᠯᠴᠢᠳ ᠤᠨ ᠤᠯᠠ ᠮᠥᠷ ᠪᠠᠶᠢᠵᠤ᠂ ᠣᠳᠣ ᠶᠢᠨ ᠬᠤᠰᠢᠭᠤᠨ ᠤ ᠬᠢᠯᠢ ᠳᠤ | ᠤᠷᠢᠳ ᠬᠤᠵᠢᠳ ᠮᠢᠬ᠎ᠠ ᠲᠠᠢ ᠰᠢᠩᠭᠡᠨ ᠪᠤᠳᠠᠭ᠎ᠠ᠂ ᠴᠢᠳᠬᠦᠷ᠂ ᠬᠢᠶᠠᠨ ᠵᠡᠷᠭᠡ ᠡᠷᠲᠡᠨ ᠤ ᠣᠪᠣᠭ ᠲᠥᠷᠥᠯ ᠤᠨ | ᠠᠶᠢᠮᠠᠭ ᠤᠨ ᠨᠡᠭᠦᠳᠡᠯᠯᠡᠨ ᠮᠠᠯᠵᠢᠬᠤ ᠪᠤᠶᠤ ᠠᠩ ᠠᠩᠨᠠᠯ ᠤᠨ ᠬᠠᠷᠢᠶ᠎ᠠ ᠭᠠᠵᠠᠷ ᠪᠠᠶᠢᠵᠠᠶ᠃ ᠪᠠᠶᠢᠯᠳᠤᠭᠠᠨᠲᠤ | ᠤᠯᠤᠰ ᠤᠨ ᠦᠶ᠎ᠡ ᠳᠤ ᠾᠦᠩᠨᠦ ᠶᠢᠨ ᠬᠠᠷᠢᠶᠠᠲᠤ ᠣᠷᠣᠨ ᠪᠠᠶᠢᠵᠠᠶ᠃ | ᠴᠢᠨ ᠤᠯᠤᠰ ᠬᠠᠨ ᠤᠯᠤᠰ ᠤᠨ ᠦᠶ᠎ᠡ | ᠴᠢᠨ ᠱᠢ ᠬᠤᠸᠠᠩ ᠵᠢᠷᠭᠤᠭᠠᠨ ᠤᠯᠤᠰ ᠢ ᠨᠢᠭᠡᠳᠬᠡᠭᠰᠡᠨ ᠤ ᠳᠠᠷᠠᠭ᠎ᠠ᠂ ᠪᠠᠶᠢᠯᠳᠤᠭᠠᠨᠲᠤ ᠤᠯᠤᠰ ᠤᠨ | ᠦᠶ᠎ᠡ ᠶᠢᠨ ᠵᠢᠶᠦ᠋ᠨ ᠰᠢᠶᠠᠨ ᠤ ᠳᠦᠷᠢᠮ ᠢ ᠤᠯᠠᠮ ᠨᠢᠭᠡ ᠠᠯᠬᠤᠮ ᠲᠣᠭᠲᠠᠭᠠᠨ ᠲᠡᠭᠦᠯᠳᠡᠷᠵᠢᠭᠦᠯᠵᠦ᠂ ᠬᠤᠪᠢᠶᠠᠨ | ᠡᠷᠭᠦᠮᠵᠢᠯᠡᠬᠦ ᠳᠦᠷᠢᠮ ᠢ ᠬᠦᠴᠦᠨ ᠦᠭᠡᠶ ᠪᠣᠯᠭᠠᠨ᠂ ᠳᠡᠯᠡᠬᠡᠶ ᠳ᠋ᠠᠬᠢᠨ ᠢ ᠭᠤᠴᠢᠨ ᠵᠢᠷᠭᠤᠭᠠᠨ ᠵᠢᠶᠦ᠋ᠨ ᠪᠣᠯᠭᠠᠨ | ᠬᠤᠪᠢᠶᠠᠵᠠᠶ᠃ ᠬᠤᠰᠢᠭᠤᠨ ᠤ ᠬᠢᠯᠢ ᠨᠢ ᠶᠠᠨ ᠮᠤᠨ ᠵᠢᠶᠦ᠋ᠨ ᠳᠤ ᠬᠠᠷᠢᠶᠠᠯᠠᠭᠳᠠᠨ᠎ᠠ᠃ ᠪᠠᠷᠠᠭᠤᠨ ᠬᠠᠨ ᠤᠯᠤᠰ ᠤᠨ | ᠶᠤᠸᠠᠨ ᠹᠤᠩ ᠤᠨ ᠲᠠᠪᠤᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 106 ᠣᠨ︶ ᠳᠤ ᠬᠠᠨ | ᠤᠯᠤᠰ ᠤᠨ ᠡᠦ ᠳ᠋ᠢ ᠬᠠᠭᠠᠨ ᠴᠢᠨ ᠤᠯᠤᠰ ᠤᠨ ᠰᠠᠭᠤᠷᠢᠨ ᠳᠡᠭᠡᠷ᠎ᠡ ᠪᠦᠬᠦ ᠤᠯᠤᠰ ᠢ ᠠᠷᠪᠠᠨ ᠭᠤᠷᠪᠠᠨ ᠬᠢᠨᠠᠨ | ᠪᠠᠶᠢᠴᠠᠭᠠᠬᠤ ᠣᠷᠣᠨ ᠪᠣᠯᠭᠠᠨ ᠬᠤᠪᠢᠶᠠᠵᠤ᠂ ᠪᠠᠰᠠ ᠠᠷᠪᠠᠨ ᠭᠤᠷᠪᠠᠨ ᠵᠧᠤ ᠭᠡᠳᠡᠭ᠃ ᠣᠳᠣ ᠶᠢᠨ ᠬᠤᠰᠢᠭᠤ ᠨᠢ | ᠮᠥᠨ ᠶᠠᠨ ᠮᠤᠨ ᠵᠢᠶᠦ᠋ᠨ ᠳᠤ ᠬᠠᠷᠢᠶᠠᠯᠠᠭᠳᠠᠨ᠎ᠠ᠃ | ᠭᠤᠷᠪᠠᠨ ᠤᠯᠤᠰ᠂ ᠬᠤᠶᠠᠷ ᠶᠢᠨ ᠤᠯᠤᠰ᠂ ᠡᠮᠦᠨᠡᠲᠦ ᠤᠮᠠᠷᠠᠲᠤ ᠲᠥᠷᠥ ᠶᠢᠨ ᠦᠶ᠎ᠡ | ᠸᠧᠶ ᠤᠯᠤᠰ᠂ ᠬᠤᠸᠠᠩ ᠤᠯᠤᠰ ᠤᠨ ᠡᠬᠢᠨ ᠤ ᠦᠶ᠎ᠡ ᠶᠢᠨ ᠲᠡᠷᠢᠭᠦᠨ ᠣᠨ ︵220 ᠣᠨ︶ ᠳᠤ | ᠣᠳᠣ ᠶᠢᠨ ᠬᠤᠰᠢᠭᠤ ᠰᠢᠶᠠᠨᠪᠢ ᠶᠢᠨ ᠨᠡᠭᠦᠳᠡᠯ ᠮᠠᠯᠵᠢᠯ ᠤᠨ ᠭᠠᠵᠠᠷ ᠲᠤ ᠬᠠᠷᠢᠶᠠᠯᠠᠭᠳᠠᠨ᠎ᠠ᠃ ᠤᠮᠠᠷᠠᠲᠤ ᠸᠧᠶ | ᠤᠯᠤᠰ ᠤᠨ ᠳ᠋ᠧᠩ ᠭᠦᠤᠤ ᠶᠢᠨ ᠲᠡᠷᠢᠭᠦᠨ ᠣᠨ ︵386 ᠣᠨ︶ ᠳᠤ ᠰᠢᠶᠡᠨᠪᠢ ᠶᠢᠨ ᠱᠢ ᠢ ᠱᠠᠨ ᠤ ᠣᠮᠪᠣᠯᠣ | ᠲᠣᠪᠠ ᠴᠠᠬᠢᠭᠤᠷ᠃ ᠶᠤᠸᠠᠨ ᠤᠯᠤᠰ ᠢ ᠪᠠᠶᠢᠭᠤᠯᠵᠤ᠂ ᠨᠡᠶᠢᠰᠯᠡᠯ ᠢᠶᠠᠨ ᠱᠧᠩ ᠯᠧ ᠳᠤ ᠨᠡᠭᠦᠯᠭᠡᠵᠦ᠂ ᠬᠤᠰᠢᠭᠤᠨ | ᠭᠠᠵᠠᠷ ᠢ ᠴᠠᠬᠢᠭᠤᠷ ᠤᠨ ᠭᠠᠷᠭᠠᠯᠭ᠎ᠠ ᠳᠤ ᠬᠠᠷᠢᠶᠠᠯᠠᠭᠤᠯᠪᠠ᠃ ᠪᠠᠷᠠᠭᠤᠨ ᠸᠧᠶ ᠤᠯᠤᠰ ᠤᠨ ᠶᠤᠸᠠᠨ ᠷᠦᠤᠤ ᠶᠢᠨ | ᠲᠡᠷᠢᠭᠦᠨ ᠣᠨ ︵552 ᠣᠨ︶ ᠳᠤ ᠲᠦᠷᠺ ᠦᠨᠳᠦᠰᠦᠲᠡᠨ ᠭᠤᠪᠢ ᠶᠢᠨ ᠠᠷᠤ ᠪᠠᠷ ᠲᠥᠪ ᠪᠣᠯᠭᠠᠨ ᠲᠦᠷᠺ | ᠬᠠᠭᠠᠨᠲᠤ ᠤᠯᠤᠰ ᠢ ᠪᠠᠶᠢᠭᠤᠯᠵᠤ᠂ ᠬᠤᠰᠢᠭᠤ ᠨᠤᠲᠤᠭ ᠨᠢ ᠪᠦᠷ ᠬᠠᠷᠢᠶ᠎ᠠ ᠬᠡᠪᠴᠢᠶᠡᠨ ᠳᠡᠭᠡᠨ ᠤᠷᠤᠭᠰᠠᠨ ᠪᠠᠶᠢᠨ᠎ᠠ᠃ | | ᠰᠦᠩ ᠤᠯᠤᠰ ᠯᠢᠶᠣᠤ ᠤᠯᠤᠰ ᠠᠯᠲᠠᠨ ᠤᠯᠤᠰ ᠤᠨ ᠦᠶ᠎ᠡ | ᠯᠢᠶᠣᠤ ᠴᠥᠩ ᠰᠢ ᠶᠢᠨ ᠠᠷᠪᠠᠨ ᠭᠤᠷᠪᠠᠳᠤᠭᠠᠷ ᠣᠨ ︵1044 ᠣᠨ︶ ᠳᠤ ᠬᠢᠳᠠᠨ ᠸᠠᠩᠲᠤ | ᠲᠥᠷᠥ ᠨᠢ ᠰᠢᠵᠢᠩ ︵ᠵᠠᠰᠠᠭ ᠤᠨ ᠭᠠᠵᠠᠷ ᠳ᠋ᠠᠲ᠋ᠦ᠋ᠩ ᠹᠦ᠋᠂ ᠣᠳᠣ ᠶᠢᠨ ᠱᠠᠨ ᠰᠢ ᠮᠤᠵᠢ ᠶᠢᠨ ᠳ᠋ᠠᠲ᠋ᠦ᠋ᠩ ᠬᠤᠲᠠ︶ | ᠢ ᠪᠠᠶᠢᠭᠤᠯᠵᠤ᠂ ᠡᠭᠦᠨ ᠢᠶᠠᠷ ᠲᠥᠪ ᠪᠣᠯᠭᠠᠨ ᠵᠠᠰᠠᠭ ᠵᠠᠬᠢᠷᠭᠠᠨ ᠤ ᠣᠷᠣᠨ ᠪᠠᠶᠢᠭᠤᠯᠵᠤ᠂ ᠰᠢᠵᠢᠩ ᠳ᠋ᠤᠤ ︵ | ᠣᠳᠣ ᠶᠢᠨ ᠬᠤᠰᠢᠭᠤᠨ ᠤ ᠬᠢᠯᠢ ᠶᠢ ᠬᠠᠮᠢᠶᠠᠷᠤᠨ᠎ᠠ︶ ᠭᠡᠵᠦ ᠨᠡᠷᠡᠶᠢᠳᠴᠡᠶ᠃ ᠶᠢᠨ ᠲᠢᠶᠠᠨ ᠳᠤ ᠶᠢᠨ ᠬᠤᠶᠠᠳᠤᠭᠠᠷ | ᠣᠨ ︵1150 ᠣᠨ︶ ᠳᠤ ᠶᠢᠨ ᠤᠯᠤᠰ ᠤᠨ ᠸᠠᠩᠲᠤ ᠲᠥᠷᠥ ᠤᠤᠯ ᠤᠨ ᠯᠢᠶᠣᠤ ᠰᠢ ᠵᠢᠩ ᠳ᠋ᠤᠤ ᠵᠠᠮ ᠢ ᠰᠢᠵᠢᠩ | ᠵᠠᠮ ᠤᠨ ᠪᠥᠬᠦᠳᠡ ᠶᠢ ᠵᠠᠬᠢᠷᠤᠭᠴᠢ ᠶᠡᠷᠦᠩᠬᠡᠶ ᠵᠠᠬᠢᠷᠤᠭᠴᠢ ᠶᠢᠨ ᠣᠷᠳᠣᠨ ᠭᠡᠵᠦ ᠥᠭᠡᠷᠡᠴᠢᠯᠡᠪᠡ᠃ ᠣᠳᠣ ᠶᠢᠨ | ᠬᠤᠰᠢᠭᠤᠨ ᠤ ᠬᠢᠯᠢ ᠨᠢ ᠳ᠋ᠠᠲ᠋ᠦ᠋ᠩ ᠹᠦ᠋ ᠶᠢᠨ ᠰᠢᠤᠸᠠᠨᠨᠢᠩ ᠰᠢᠶᠠᠨ ᠤ ᠬᠠᠷᠢᠶᠠᠲᠤ ᠭᠠᠵᠠᠷ ᠲᠤ ᠬᠠᠷᠢᠶᠠᠯᠠᠭᠳᠠᠨ᠎ᠠ᠃ | ᠶᠤᠸᠠᠨ ᠤᠯᠤᠰ ᠮᠢᠩ ᠤᠯᠤᠰ ᠤᠨ ᠦᠶ᠎ᠡ | ᠶᠤᠸᠠᠨ ᠤᠯᠤᠰ ᠤᠨ ᡁᠢ ᠶᠤᠸᠠᠨ ᠤ ᠨᠠᠢᠮᠠᠳᠤᠭᠠᠷ ᠣᠨ ︵1271 ᠣᠨ︶ ᠳᠤ ᠣᠳᠣ ᠶᠢᠨ | ᠬᠤᠰᠢᠭᠤᠨ ᠤ ᠬᠢᠵᠠᠭᠠᠷ ᠲᠠᠬᠢ ᠪᠠᠷᠠᠭᠤᠨ ᠡᠮᠦᠨ᠎ᠡ ᠪᠠᠨ ᠵᠢᠨᠢᠩ ᠵᠠᠮ ᠳᠤ ᠣᠷᠣᠭᠤᠯᠵᠤ᠂ ᠬᠤᠶᠢᠲᠤ ᠪᠡᠶ᠎ᠡ ᠪᠠᠨ ᠰᠢᠩ | ᠾᠧ ᠵᠠᠮ ᠳᠤ ᠣᠷᠣᠭᠤᠯᠵᠤ᠂ ᠰᠢᠭᠤᠳ ᠵᠥᠩ ᠱᠤ᠋ ᠮᠤᠵᠢ ᠳᠤ ᠬᠠᠷᠢᠶᠠᠯᠠᠭᠤᠯᠪᠠ᠃ ᠮᠢᠩ ᠤᠯᠤᠰ ᠤᠨ ᠬᠤᠩ | ᠡᠦ ᠶᠢᠨ ᠲᠡᠷᠢᠭᠦᠨ ᠣᠨ ︵1368 ᠣᠨ︶ ᠳᠤ ᠮᠢᠩ ᠤᠯᠤᠰ ᠤᠨ ᠴᠡᠷᠢᠭ ᠳᠠᠶᠢᠳᠤ ᠶᠢ ᠪᠠᠶᠢᠯᠳᠤᠨ ᠡᠵᠡᠯᠡᠵᠦ᠂ | ᠶᠤᠸᠠᠨ ᠤᠯᠤᠰ ᠤᠨ ᠬᠠᠭᠠᠨᠲᠤ ᠲᠥᠷᠥ ᠶᠢᠨ ᠪᠦᠬᠦ ᠤᠯᠤᠰ ᠲᠠᠬᠢ ᠨᠣᠶᠠᠷᠬᠠᠯ ᠳᠠᠭᠤᠰᠴᠤ᠂ ︽ᠤᠮᠠᠷᠠᠲᠤ ᠶᠤᠸᠠᠨ | ᠤᠯᠤᠰ ᠤᠨ ᠦᠶ᠎ᠡ︾ ᠳᠤ᠂ ᠣᠳᠣ ᠶᠢᠨ ᠬᠤᠰᠢᠭᠤᠨ ᠤ ᠬᠢᠯᠢ ᠶᠢ ᠤᠷᠢᠳ ᠬᠤᠵᠢᠳ ᠥᠪᠥᠷ ᠮᠣᠩᠭᠤᠯ ᠤᠨ ᠡᠯ᠎ᠡ | ᠠᠶᠢᠮᠠᠭ ᠤᠳ ᠡᠵᠡᠮᠰᠢᠵᠦ ᠪᠠᠶᠢᠪᠠ᠃ | ᠴᠢᠩ ᠤᠯᠤᠰ | ᠴᠢᠩ ᠤᠯᠤᠰ ᠤᠨ ᠬᠠᠭᠠᠨᠲᠤ ᠲᠥᠷᠥ ᠴᠠᠬᠠᠷ ᠤᠨ ᠨᠠᠢᠮᠠᠨ ᠬᠤᠰᠢᠭᠤ ᠶᠢ ᠨᠠᠶᠢᠷᠠᠭᠤᠯᠵᠤ᠂ ᠣᠳᠣ ᠶᠢᠨ | ᠬᠤᠰᠢᠭᠤ ᠨᠢ ᠪᠠᠷᠠᠭᠤᠨ ᠵᠢᠭᠦᠷ ᠤᠨ ᠰᠢᠯᠤᠭᠤᠨ ᠤᠯᠠᠭᠠᠨ ᠲᠤᠭ ᠲᠤ ᠬᠠᠷᠢᠶᠠᠯᠠᠭᠳᠠᠵᠤ᠂ ᠪᠠᠷᠠᠭᠤᠨ ᠵᠢᠭᠦᠷ ᠤᠨ | ᠰᠢᠯᠤᠭᠤᠨ ᠰᠢᠷ᠎ᠠ ᠬᠤᠰᠢᠭᠤᠨ ᠤ ᠪᠡᠯᠴᠢᠭᠡᠷ ᠲᠤ ᠰᠠᠭᠤᠭ᠎ᠠ ᠭᠠᠵᠠᠷ ᠲᠤ ᠬᠠᠷᠢᠶᠠᠯᠠᠭᠳᠠᠵᠤ᠂ ᠴᠠᠬᠠᠷ ᠤᠨ | ᠨᠡᠶᠢᠰᠯᠡᠯ ᠳᠤ ᠰᠢᠭᠤᠳ ᠬᠠᠷᠢᠶᠠᠯᠠᠭᠳᠠᠨ᠎ᠠ᠃ ᠴᠢᠩ ᠤᠯᠤᠰ ᠤᠨ ᠡᠩᠬᠡ ᠠᠮᠤᠭᠤᠯᠠᠩ ᠤᠨ ᠬᠤᠷᠢᠨ ᠨᠢᠭᠡᠳᠦᠭᠡᠷ ᠣᠨ | ︵1682 ᠣᠨ︶ ᠳᠤ ᠴᠠᠬᠠᠷ ᠤᠨ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ ᠶᠢᠰᠦᠳᠦᠭᠡᠷ ᠰᠤᠮᠤ ︵ | ᠤᠤᠯ ᠤᠨ ᠬᠠᠶᠠᠨ ᠬᠤᠳᠳᠤᠭ ᠰᠤᠮᠤ︶ ᠶᠢᠨ ᠪᠠᠷᠠᠭᠤᠨ ᠡᠮᠦᠨ᠎ᠡ᠂ ᠪᠠᠶᠠᠨᠴᠠᠭᠠᠨ ᠪᠠᠯᠭᠠᠰᠤ ᠠᠴᠠ ᠵᠡᠭᠦᠨ ᠡᠮᠦᠨᠡᠰᠢ 7 | ᠺᠢᠯᠣᠮᠧᠲᠷ ᠵᠠᠶᠢᠲᠠᠶ ᠭᠠᠵᠠᠷ ᠲᠤ ᠨᠢᠭᠡ ᠯᠠᠮᠠ ᠶᠢᠨ ᠰᠦᠮ᠎ᠡ ᠶᠢ ᠪᠠᠶᠢᠭᠤᠯᠵᠠᠶ᠃ ᠡᠩ ᠤᠨ ᠳᠠᠭᠤᠳᠠᠯᠭ᠎ᠠ ᠳᠤ ︽ | ᠠᠭᠤᠢ ᠶᠢᠨ ᠰᠦᠮ᠎ᠡ︾ ᠭᠡᠳᠡᠭ᠂ ᠮᠣᠩᠭᠤᠯ ᠳᠤ ︽ ᠰᠠᠶᠢᠨ ᠪᠤᠶᠠᠨᠳᠤ ᠰᠦᠮ᠎ᠡ︾ ᠭᠡᠳᠡᠭ᠃ ᠴᠢᠩ ᠤᠯᠤᠰ ᠤᠨ | ᠡᠩᠬᠡ ᠠᠮᠤᠭᠤᠯᠠᠩ ᠬᠠᠭᠠᠨ ︽ᠪᠤᠶᠠᠨ ᠤ ᠰᠦᠮ᠎ᠡ︾ ᠭᠡᠰᠡᠨ ᠨᠡᠷ᠎ᠡ ᠬᠠᠶᠢᠷᠠᠯᠠᠵᠠᠶ᠃ | ᠳᠤᠮᠳᠠᠳᠤ ᠢᠷᠭᠡᠨ ᠤᠯᠤᠰ ᠤᠨ ᠦᠶ᠎ᠡ | ᠢᠷᠭᠡᠨ ᠤᠯᠤᠰ ᠤᠨ ᠲᠡᠷᠢᠭᠦᠨ ᠣᠨ ︵1912 ᠣᠨ︶ ᠳᠤ ᠳᠤᠮᠳᠠᠳᠤ ᠢᠷᠭᠡᠨ ᠤᠯᠤᠰ ᠤᠨ | ᠵᠠᠰᠠᠭ ᠤᠨ ᠣᠷᠳᠣᠨ ᠢ ᠬᠦᠢᠰᠦ᠋ᠢ ᠶᠢᠨ ᠪᠠᠶᠢᠴᠠᠭᠠᠭᠴᠢ ᠲᠦᠰᠢᠮᠡᠯ ᠪᠣᠯᠭᠠᠨ ᠥᠭᠡᠷᠡᠴᠢᠯᠡᠵᠦ᠂ ᠬᠠᠷᠢᠶᠠᠲᠤ ᠠᠷᠪᠠᠨ | ᠬᠤᠶᠠᠷ ᠠᠷᠠᠳ ᠢ ᠲᠣᠬᠤᠨᠢᠭᠤᠯᠬᠤ ᠲᠢᠩᠬᠢᠮ ᠢ ᠰᠢᠶᠠᠨ ᠤ ᠳᠦᠷᠢᠮ ᠪᠣᠯᠭᠠᠨ ᠥᠭᠡᠷᠡᠴᠢᠯᠡᠵᠦ᠂ ᠠᠷᠠᠳ ᠢ | ᠲᠣᠬᠤᠨᠢᠭᠤᠯᠬᠤ ᠲᠢᠩᠬᠢᠮ ᠳᠤ ᠤᠤᠯ ᠨᠢ ᠲᠦᠩ ᡁᠢ᠂ ᠲᠦᠩ ᠰᠢᠭᠦᠨ ᠲᠠᠰᠤᠯᠬᠤ ᠵᠡᠷᠭᠡ ᠲᠤᠰᠢᠶᠠᠯ ᠢ ᠪᠦᠷ | ᠮᠡᠳᠡᠭᠴᠢ ᠪᠣᠯᠭᠠᠨ ᠥᠭᠡᠷᠡᠴᠢᠯᠡᠵᠦ᠂ ᠤᠤᠯ ᠤᠨ ᠴᠠᠬᠠᠷ ᠤᠨ ᠨᠠᠢᠮᠠᠨ ᠬᠤᠰᠢᠭᠤᠨ ᠤ ︽ᠲᠠᠪᠤᠨ ᠲᠢᠩᠬᠢᠮ︾ ᠢ | ᠰᠢᠶᠠᠨ ᠪᠣᠯᠭᠠᠨ ᠥᠭᠡᠷᠡᠴᠢᠯᠡᠵᠡᠶ᠃ ᠮᠥᠨ ᠰᠦᠢᠶᠤᠸᠠᠨ ᠬᠤᠳᠠ ᠶᠢᠨ ᠵᠠᠩᠵᠤᠨ ᠨᠠᠷ ᠤᠨ ᠬᠢᠨᠠᠯᠲᠠ ᠬᠢᠵᠠᠭᠠᠷᠯᠠᠯ ᠢ | ᠬᠦᠯᠢᠶᠡᠪᠡ᠃ ᠢᠷᠭᠡᠨ ᠤᠯᠤᠰ ᠤᠨ ᠬᠤᠷᠢᠨ ᠲᠠᠪᠤᠳᠤᠭᠠᠷ ᠣᠨ ︵1936 ᠣᠨ︶ ᠤ 8 ᠰᠠᠷ᠎ᠠ ᠶᠢᠨ 2 ᠤᠨ | ᠡᠳᠦᠷ᠂ ᠹᠦ᠋ ᠽᠦᠸᠧ ᠢ ᠵᠢᠨᠢᠩ ᠳᠤ ᠬᠦᠷᠴᠦ᠂ ᠫᠸᠡᠭ ᠢᠦᠶ ᠪᠢᠨ ᠤ ᠴᠡᠷᠢᠭ ᠲᠤ ᠵᠠᠷᠯᠢᠭ ᠪᠠᠭᠤᠯᠭᠠᠨ ᠬᠤᠩᠭᠤᠯᠲᠤ | ᠂ ᠲᠦᠮᠠᠯᠲᠠᠶ ᠪᠠᠯᠭᠠᠰᠤᠨ ᠤ ᠬᠠᠭᠤᠷᠮᠠᠭ ᠪᠠᠷᠠᠭᠤᠨ ᠬᠤᠶᠢᠲᠤ ᠶᠢᠨ ᠡᠪ ᠬᠠᠮᠲᠤ ᠨᠠᠮ ᠢ ᠰᠡᠷᠭᠡᠶᠢᠯᠡᠬᠦ ᠥᠪᠡᠷᠲᠡᠭᠡᠨ | ᠵᠠᠰᠠᠬᠤ ᠴᠡᠷᠢᠭ ᠤᠨ ᠸᠠᠩ ᠳ᠋ᠤᠤ ᠶᠢᠨ ᠨᠢᠭᠡ ᠪᠦᠯᠦᠭ ᠴᠡᠷᠢᠭ ᠤᠨ 2000 ᠭᠠᠷᠤᠶ ᠬᠥᠮᠦᠨ ᠢ ᠭᠡᠳᠡᠷᠭᠦ ᠴᠣᠬᠢᠵᠤ᠂ | ᠳᠠᠶᠢᠰᠤᠨ ᠤ ᠬᠠᠭᠠᠰ ᠢ ᠨᠢ ᠠᠯᠠᠪᠠ᠃ ᠠᠳᠡ ᠬᠦᠷᠦᠭᠡᠳ ᠬᠤᠩᠭᠢᠯᠳᠤ ᠶᠢᠨ ᠳᠠᠶᠢᠯᠠᠯᠳᠤᠭᠠᠨ ᠤ ᠬᠥᠰᠢᠭᠡ ᠶᠢ | ᠰᠡᠬᠦᠪᠡ᠃ 11 ᠰᠠᠷ᠎ᠠ ᠶᠢᠨ 18 ᠤ ᠡᠳᠦᠷ᠂ ᠹᠦ᠋ ᠽᠦ᠋ᠤ ᠢ ᠶᠢᠨ ᠴᠡᠷᠢᠭ ᠬᠤᠩᠭᠤᠷᠲᠤ ᠳᠤ ᠬᠠᠭᠤᠷᠮᠠᠭ ᠴᠡᠷᠢᠭ | ᠸᠠᠩ ᠶᠢᠩ ᠤᠨ ᠴᠡᠷᠢᠭ ᠢ ᠢᠯᠠᠵᠤ᠂ ᠬᠠᠭᠤᠷᠮᠠᠭ ᠴᠡᠷᠢᠭ ᠤᠨ ᠬᠡᠳᠦᠨ ᠵᠠᠭᠤᠨ ᠳᠠᠷᠤᠭ᠎ᠠ ᠪᠠᠶᠢᠯᠳᠤᠭᠴᠢ ᠶᠢ ᠠᠯᠠᠵᠤ᠂ | ᠳᠠᠶᠢᠰᠤᠨ ᠤ 2 ᠨᠢᠰᠬᠡᠯ ᠢ ᠰᠦᠢᠳᠬᠡᠭᠰᠡᠨ ᠪᠥᠭᠡᠳ ᠶᠡᠭᠡ ᠬᠡᠮᠵᠢᠶᠡᠨ ᠤ ᠡᠳ᠋ ᠪᠣᠳᠠᠰ ᠢ ᠣᠯᠵᠠᠯᠠᠵᠤ᠂ | ᠬᠤᠩᠭᠢᠯᠳᠤ ᠶᠢᠨ ᠳᠠᠶᠢᠯᠠᠯᠳᠤᠭᠠᠨ ᠳᠠᠭᠤᠰᠤᠭᠰᠠᠨ ᠢ ᠲᠤᠩᠬᠠᠭᠯᠠᠪᠠ᠃ ᠢᠷᠭᠡᠨ ᠤᠯᠤᠰ ᠤᠨ ᠭᠤᠴᠢᠨ ᠲᠠᠪᠤᠳᠤᠭᠠᠷ | ᠣᠨ ︵1946 ᠣᠨ︶ ᠤ ᠨᠠᠮᠤᠷ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ ᠴᠢᠯᠥᠭᠡᠯᠡᠭᠳᠡᠪᠡ᠃ ᠲᠠᠷᠢᠶᠠᠯᠠᠬᠤ | ᠣᠷᠣᠨ ᠳᠤ ᠠᠷᠠᠳ ᠤᠨ ᠵᠠᠰᠠᠭ ᠤᠨ ᠪᠠᠶᠢᠭᠤᠯᠤᠮᠵᠢ — ᠲᠤᠤ ᠵᠢᠶ ᠰᠢᠶᠠᠨ ᠤ ᠠᠷᠠᠳ ᠤᠨ ᠵᠠᠰᠠᠭ ᠤᠨ ᠣᠷᠳᠣᠨ ︵ | ᠤᠳᠤ ᠶᠢᠨ ᠬᠤᠩᠭᠢᠯᠳᠤ ᠪᠠᠯᠭᠠᠰᠤ︶ ᠢ ᠪᠠᠶᠢᠭᠤᠯᠵᠤ᠂ ᠮᠠᠯᠵᠢᠬᠤ ᠣᠷᠣᠨ ᠳᠤ ᠪᠠᠶᠢᠭᠤᠯᠤᠭᠰᠠᠨ ᠠᠷᠠᠳ ᠤᠨ | ᠵᠠᠰᠠᠭ ᠤᠨ ᠪᠠᠶᠢᠭᠤᠯᠤᠮᠵᠢ ᠪᠣᠯ ᠰᠢᠯᠤᠭᠤᠨ ᠰᠢᠷ᠎ᠠ ᠬᠤᠰᠢᠭᠤᠨ ᠤ ᠬᠤᠶᠢᠲᠤ ᠯᠢᠦ ᠽᠦᠤᠤ ᠶᠢᠨ ᠬᠡᠷᠡᠭ ᠡᠷᠬᠢᠯᠡᠬᠦ | ᠭᠠᠵᠠᠷ ︵ᠤᠳᠤ ᠶᠢᠨ ᠬᠠᠶᠠᠨ ᠬᠤᠳᠳᠤᠭ ᠰᠤᠮᠤᠨ ᠤ ᠬᠦᠢ ᠰᠦᠮ᠎ᠡ︶ ᠪᠣᠯᠤᠨ᠎ᠠ᠃ | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ ᠤ ᠲᠡᠷᠠᠭ᠎ᠠ | 1954 ᠣᠨ ᠤ 3 ᠰᠠᠷ᠎ᠠ ᠶᠢᠨ 3 ᠤ ᠡᠳᠦᠷ᠂ ᠵᠠᠰᠠᠭ ᠤᠨ ᠶᠠᠪᠤᠳᠠᠯ ᠤᠨ ᠬᠤᠷᠢᠶᠠᠨ ᠤ ᠵᠠᠷᠯᠢᠭ ᠢᠶᠠᠷ᠂ | ᠰᠦᠢᠶᠤᠸᠠᠨ ᠮᠤᠵᠢ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠲᠠᠢ ᠨᠡᠶᠢᠯᠡᠭᠦᠯᠬᠦ ᠶᠢᠨ ᠬᠠᠮᠲᠤ | ᠰᠦᠢᠶᠤᠸᠠᠨ ᠮᠤᠵᠢ ᠶᠢᠨ ᠪᠠᠶᠢᠭᠤᠯᠤᠮᠵᠢ ᠶᠢ ᠬᠠᠰᠤᠵᠤ᠂ ᠤᠤᠯ ᠤᠨ ᠬᠠᠷᠢᠶ᠎ᠠ ᠣᠷᠣᠨ ᠢ ᠨᠢ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠨᠢᠭᠡᠳᠦᠯᠲᠡᠶ ᠤᠳᠤᠷᠢᠳᠪᠠ᠃ | ᠲᠠᠷᠠᠭ᠎ᠠ ᠪᠠᠷ ᠨᠢ ᠰᠦᠢᠶᠤᠸᠠᠨ ᠤ ᠵᠡᠭᠦᠨ ᠬᠡᠰᠡᠭ ᠤᠨ ᠬᠤᠰᠢᠭᠤ ᠰᠢᠶᠠᠨ ᠤ ᠵᠡᠷᠭᠡᠴᠡᠨ ᠣᠷᠣᠰᠢᠬᠤ ᠠᠰᠠᠭᠤᠳᠠᠯ ᠢ | ᠰᠢᠢᠳᠪᠤᠷᠢᠯᠡᠬᠦ ᠦᠶ᠎ᠡ ᠳᠤ᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ︽ᠲᠡᠦᠬᠡ ᠶᠢ | ᠮᠡᠳᠡᠷᠡᠵᠦ᠂ ᠪᠣᠳᠠᠲᠤ ᠪᠠᠶᠢᠳᠠᠯ ᠢ ᠬᠠᠷᠠᠭᠠᠯᠵᠠᠵᠤ᠂ ᠠᠰᠠᠭᠤᠳᠠᠯ ᠢ ᠰᠢᠢᠳᠪᠤᠷᠢᠯᠡᠵᠤ᠂ ᠪᠦᠯᠬᠦᠮᠳᠡᠯ ᠳᠤ ᠬᠦᠷᠬᠦ︾ | ᠴᠢᠭᠯᠡᠯᠲᠡ ᠶᠢ ᠠᠪᠴᠤ᠂ ᠲᠤᠰ ᠵᠢᠯ ᠤᠨ 3 ᠰᠠᠷ᠎ᠠ ᠶᠢᠨ 17 ᠤ ᠡᠳᠦᠷ ᠲᠥᠪ ᠬᠤᠰᠢᠭᠤ᠂ ᠰᠢᠯᠤᠭᠤᠨ ᠰᠢᠷ᠎ᠠ | ᠬᠤᠰᠢᠭᠤ᠂ ᠰᠢᠶᠠᠨ ᠯᠠᠨ᠂ ᠬᠥᠪᠡᠭᠡᠲᠦ ᠤᠯᠠᠭᠠᠨ ᠬᠤᠯᠪᠣᠭᠠᠲᠤ ᠬᠤᠰᠢᠭᠤ ᠪᠣᠯᠤᠨ ᠲᠤᠤ ᠯᠢᠨ ᠰᠢᠶᠠᠨ ᠤ | ᠲᠦᠷᠢᠮ ᠢ ᠬᠦᠴᠦᠨ ᠦᠭᠡᠢ ᠪᠣᠯᠭᠠᠵᠤ᠂ ᠴᠠᠬᠠᠷ ᠤᠨ ᠪᠠᠷᠠᠭᠤᠨ ᠭᠠᠷᠤᠨ ᠡᠮᠦᠨ᠎ᠡ᠂ ᠳᠤᠮᠳᠠ᠂ ᠬᠤᠶᠢᠲᠤ ᠭᠤᠷᠪᠠᠨ | ᠬᠤᠰᠢᠭᠤ ᠪᠣᠯᠭᠠᠨ ᠥᠭᠡᠷᠡᠴᠢᠯᠡᠪᠡ᠃ ᠤᠤᠯ ᠤᠨ ᠰᠦᠢᠶᠤᠸᠠᠨ ᠤ ᠵᠡᠭᠦᠨ ᠬᠡᠰᠡᠭ ᠤᠨ ᠲᠦᠷᠪᠡᠨ ᠬᠤᠰᠢᠭᠤᠨ ᠤ | ᠲᠥᠪ ᠬᠤᠰᠢᠭᠤ ᠶᠢ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ ᠪᠣᠯᠭᠠᠨ ᠥᠭᠡᠷᠡᠴᠢᠯᠡᠵᠦ᠂ ᠫᠢᠩ ᠳ᠋ᠢ ᠴᠢᠤᠸᠠᠨ | ᠵᠠᠰᠠᠭ ᠵᠠᠬᠢᠷᠭᠠᠨ ᠤ ᠣᠷᠣᠨ ᠤ ᠠᠷᠠᠳ ᠤᠨ ᠵᠠᠰᠠᠭ ᠤᠨ ᠣᠷᠳᠣᠨ ᠤ ᠤᠳᠤᠷᠢᠳᠤᠯᠭ᠎ᠠ ᠳᠤ ᠬᠠᠷᠢᠶᠠᠯᠠᠭᠳᠠᠨ᠎ᠠ᠃ | 1955 ᠣᠨ ᠤ 9 ᠰᠠᠷ᠎ᠠ ᠶᠢᠨ 15 ᠤ ᠡᠳᠦᠷ᠂ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠫᠢᠩ ᠳ᠋ᠢ | ᠴᠢᠤᠸᠠᠨ ᠠᠴᠠ ᠲᠦᠮᠡᠯᠲᠡᠶ ᠪᠠᠯᠭᠠᠰᠤᠨ ᠳᠤ ᠨᠡᠭᠦᠪᠡ᠃ 1958 ᠣᠨ ᠤ 4 ᠰᠠᠷ᠎ᠠ ᠶᠢᠨ 2 ᠤᠨ ᠡᠳᠦᠷ ᠫᠢᠩ ᠳ᠋ᠢ | ᠴᠢᠤᠸᠠᠨ ᠤ ᠵᠠᠰᠠᠭ ᠵᠠᠬᠢᠷᠭᠠᠨ ᠤ ᠣᠷᠣᠨ ᠤ ᠪᠠᠶᠢᠭᠤᠯᠤᠮᠵᠢ ᠶᠢ ᠬᠠᠰᠤᠵᠤ᠂ ᠤᠯᠠᠭᠠᠨᠴᠠᠪ ᠬᠤᠲᠠ ᠶᠢᠨ | ᠤᠳᠤᠷᠢᠳᠤᠯᠭ᠎ᠠ ᠳᠤ ᠬᠠᠷᠢᠶᠠᠯᠠᠭᠤᠯᠪᠠ᠃ 1971 ᠣᠨ ᠤ 3 ᠰᠠᠷ᠎ᠠ ᠳᠤ᠂ ᠴᠠᠬᠠᠷ ᠪᠠᠷᠠᠭᠤᠨ ᠭᠠᠷᠤᠨ ᠬᠤᠶᠢᠲᠤ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠲᠡᠮᠤᠷᠲᠠᠢ ᠪᠠᠯᠭᠠᠰᠤ ᠠᠴᠠ ᠪᠠᠶᠠᠨᠴᠠᠭᠠᠨ ᠪᠠᠯᠭᠠᠰᠤᠨ ᠳᠤ ᠨᠡᠭᠦᠪᠡ᠃ | | |