ᠨᠢᠭᠡ᠂ ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ | ᠣᠳᠣᠬᠠᠨ ᠳᠤ ᠨᠢᠭᠡᠨᠲᠡ ᠬᠠᠶᠢᠨ ᠳᠣᠲᠣᠯᠠᠭᠰᠠᠨ ᠠᠭᠤᠷᠬᠠᠶ ᠶᠢᠨ ᠲᠥᠷᠥᠯ 28 ᠭᠠᠷᠤᠶ ᠵᠤᠶᠢᠯ ᠪᠣᠶ᠂ | ᠣᠨᠴᠠᠭᠠᠶᠢᠯᠠᠨ ᠴᠣᠬᠤᠶ ᠶᠢᠨ ᠴᠢᠯᠠᠭᠤ ᠶᠢᠨ ᠬᠠᠳᠠᠭᠠᠯᠠᠭᠳᠠᠴᠠ ᠨᠢ ᠶᠡᠭᠡ᠂ ᠴᠢᠨᠠᠷ ᠨᠢ ᠥᠨᠳᠥᠷ ᠪᠠᠶᠢᠵᠤ᠂ ᠴᠠᠬᠢᠯᠠᠭᠤᠷ | ᠴᠢᠯᠠᠭᠤᠨ ᠤ ᠬᠢᠮᠢ ᠶᠢᠨ ᠠᠵᠤ ᠤᠶᠢᠯᠡᠳᠪᠤᠷᠢ᠂ ᠱᠤᠶᠢᠨᠢ ᠪᠠᠷᠢᠯᠭ᠎ᠠ ᠶᠢᠨ ᠮᠠᠲ᠋ᠧᠷᠢᠶᠠᠯ ᠤᠨ ᠠᠵᠤ ᠤᠶᠢᠯᠡᠰ ᠢ | ᠬᠥᠭᠵᠢᠭᠦᠯᠬᠦ ᠰᠢᠯᠢᠳᠡᠭ ᠲᠦᠭᠦᠬᠡᠶ ᠮᠠᠲ᠋ᠧᠷᠢᠶᠠᠯ ᠪᠣᠯᠤᠨ᠎ᠠ᠃ | ᠬᠤᠶᠠᠷ᠂ ᠤᠰᠤᠨ ᠤ ᠡᠬᠢ ᠪᠠᠶᠠᠯᠢᠭ | ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠢᠯᠢ ᠳᠣᠲᠣᠷᠠᠬᠢ ᠭᠤᠣᠯ ᠮᠥᠷᠡᠨ ᠨᠢ ᠳᠣᠲᠣᠭᠠᠳᠤ | ᠬᠠᠭᠤᠷᠠᠶ ᠶᠢᠨ ᠭᠤᠣᠯ ᠤᠨ ᠤᠰᠤᠨ ᠰᠢᠰᠲ᠋ᠧᠮ ᠳᠤ ᠬᠠᠷᠢᠶᠠᠯᠠᠭᠳᠠᠨ᠎ᠠ᠃ ᠶᠡᠭᠡ ᠪᠠᠭ᠎ᠠ ᠭᠤᠣᠯ ᠮᠥᠷᠡᠨ ᠤ ᠶᠡᠷᠦᠩᠬᠡᠶ | ᠣᠷᠳᠣ ᠨᠢ 340.3 ᠪᠣᠲᠢ ᠲᠠᠢ᠃ ᠶᠡᠭᠡ ᠪᠠᠭ᠎ᠠ ᠨᠠᠭᠤᠷ 7 ᠪᠠᠶᠢᠵᠤ᠂ ᠤᠰᠤᠨ ᠣᠷᠣᠨ ᠤ ᠲᠠᠯᠠᠪᠠᠶ ᠨᠢ 52013 | ᠮᠥ ᠪᠣᠯᠤᠨ᠎ᠠ᠃ | ᠭᠤᠷᠪᠠ᠂ ᠡᠨᠧᠷᠭᠢ ᠡᠬᠢ ᠪᠠᠶᠠᠯᠢᠭ | ᠨᠡᠷᠡᠨ ᠤ ᠡᠨᠧᠷᠭᠢ᠂ ᠰᠠᠯᠬᠢᠨ ᠤ ᠡᠨᠧᠷᠭᠢ ᠶᠢᠨ ᠡᠬᠢ ᠪᠠᠶᠠᠯᠢᠭ ᠤᠨ ᠨᠥᠬᠦᠴᠡᠯ ᠰᠠᠶᠢᠨ ᠪᠠᠶᠢᠵᠤ᠂ | ᠵᠢᠯ ᠤᠨ ᠳᠤᠮᠳᠠᠴᠢ ᠨᠡᠷᠡᠨ ᠤ ᠲᠤᠰᠤᠯᠲᠠ ᠶᠢᠨ ᠴᠠᠭ ᠤᠨ ᠲᠤᠭ᠎ᠠ ᠨᠢ 2921.7 ᠴᠠᠭ ᠠᠴᠠ ᠳᠡᠭᠡᠭᠰᠢ ᠪᠠᠶᠢᠵᠤ᠂ | ᠡᠪᠦᠯ ᠤᠨ ᠤᠯᠠᠷᠢᠯ ᠤᠨ ᠨᠡᠷᠡᠨ ᠤ ᠲᠤᠰᠤᠯᠲᠠ ᠶᠢᠨ ᠵᠠᠭᠤᠨ ᠤ ᠬᠤᠪᠢ ᠶᠢᠨ ᠨᠣᠷᠮ᠎ᠠ ᠨᠢ ᠳᠤᠮᠳᠠᠴᠢ ᠪᠠᠷ 68% | ᠪᠠᠶᠢᠵᠤ᠂ ᠰᠠᠯᠬᠢᠨ ᠤ ᠳᠤᠮᠳᠠᠴᠢ ᠬᠤᠷᠳᠤᠴᠠ ᠨᠢ ᠰᠧᠺᠦ᠋ᠨ᠋ᠳ᠋ ᠪᠦᠷᠢ 5.5 ᠮᠧᠲᠷ ᠪᠠᠶᠢᠵᠤ᠂ ᠨᠡᠭᠡᠭᠡᠨ ᠠᠰᠢᠭᠯᠠᠵᠤ | ᠪᠣᠯᠬᠤ ᠴᠢᠨᠠᠷ ᠰᠠᠶᠢᠲᠠᠶ ᠰᠠᠯᠬᠢᠨ ᠤ ᠲᠠᠯᠠᠪᠠᠶ ᠶᠢᠨ ᠲᠠᠯᠠᠪᠠᠶ ᠨᠢ 1500 ᠲᠡᠭᠰᠢ ᠳᠥᠷᠪᠡᠯᠵᠢᠨ ᠺᠢᠯᠣᠮᠧᠲᠷ ᠲᠤ | ᠬᠦᠷᠴᠦ᠂ ᠰᠠᠯᠬᠢᠨ ᠬᠦᠴᠦᠨ ᠤ ᠴᠠᠬᠢᠯᠭᠠᠨ᠂ ᠬᠡᠷᠡᠯ ᠸᠣᠯᠲ ᠤᠨ ᠴᠠᠬᠢᠯᠭᠠᠨ ᠨᠢ ᠨᠢᠭᠡᠨᠲᠡ 81.9 ᠲᠦᠮᠡᠨ | ᠺᠢᠯᠣᠸᠠᠲ ᠤᠨ ᠲᠣᠤᠷ ᠲᠤ ᠨᠡᠶᠢᠯᠡᠭᠦᠯᠦᠨ ᠴᠠᠬᠢᠯᠭᠠᠨ ᠭᠠᠷᠭᠠᠬᠤ ᠶᠢ ᠪᠡᠶᠡᠯᠡᠭᠦᠯᠪᠡ᠃ ᠨᠢᠭᠡᠨᠲᠡ 500KV | ᠬᠦᠴᠦᠳᠡᠯ ᠥᠭᠡᠷᠡᠴᠢᠯᠡᠬᠦ ᠤᠢᠷᠳᠡᠭᠡ ᠨᠢᠭᠡ᠂ 220KV ᠬᠦᠴᠦᠳᠡᠯ ᠥᠭᠡᠷᠡᠴᠢᠯᠡᠬᠦ ᠤᠢᠷᠳᠡᠭᠡ 2᠂ 110KV | ᠬᠦᠴᠦᠳᠡᠯ ᠥᠭᠡᠷᠡᠴᠢᠯᠡᠬᠦ ᠤᠢᠷᠳᠡᠭᠡ 3 ᠪᠠ 35KV ᠬᠦᠴᠦᠳᠡᠯ ᠥᠭᠡᠷᠡᠴᠢᠯᠡᠬᠦ ᠤᠢᠷᠳᠡᠭᠡ 11 ᠶᠢ ᠪᠠᠶᠢᠭᠤᠯᠵᠤ᠂ | ᠪᠠᠶᠢᠭᠤᠯᠵᠤ ᠪᠠᠶᠢᠭ᠎ᠠ 220KV ᠬᠦᠴᠦᠳᠡᠯ ᠥᠭᠡᠷᠡᠴᠢᠯᠡᠬᠦ ᠤᠢᠷᠳᠡᠭᠡ ᠪᠠ 110KV ᠬᠦᠴᠦᠳᠡᠯ ᠥᠭᠡᠷᠡᠴᠢᠯᠡᠬᠦ | ᠤᠢᠷᠳᠡᠭᠡ ᠲᠤᠰ ᠪᠦᠷᠢ ᠨᠢᠭᠡ ᠶᠢ ᠪᠠᠶᠢᠭᠤᠯᠵᠤ᠂ ᠴᠠᠬᠢᠯᠭᠠᠨ ᠲᠣᠣᠷ ᠤᠨ ᠲᠣᠣᠷ ᠤᠨ ᠪᠦᠲᠦᠴᠡ ᠲᠡᠰᠦᠷᠡᠯᠳᠠ ᠤᠢᠭᠡᠢ | ᠲᠡᠭᠦᠯᠳᠡᠷᠵᠢᠪᠡ᠃ | ᠳᠥᠷᠪᠡ᠂ ᠤᠨᠴᠠᠯᠢᠭᠳᠤ ᠪᠦᠲᠦᠭᠡᠭᠳᠡᠬᠦᠨ ᠤ ᠡᠬᠢ ᠪᠠᠶᠠᠯᠢᠭ | ᠪᠥᠬᠦ ᠬᠤᠰᠢᠭᠤᠨ ᠤ ᠨᠡᠶᠢᠲᠡ ᠶᠢᠨ ᠬᠥᠨᠥᠭᠡᠯ ᠥᠬᠡᠶ᠂ ᠪᠣᠬᠢᠷᠲᠤᠯ ᠥᠬᠡᠶ᠂ ᠣᠷᠭᠠᠨᠢᠭ ᠮᠠᠯ ᠤᠨ ᠠᠰᠢᠭ | ᠰᠢᠮ᠎ᠡ ᠶᠢᠨ ᠪᠦᠲᠦᠭᠡᠭᠳᠡᠬᠦᠨ ᠢ 26 ᠭᠡᠷᠡᠴᠢᠯᠡᠵᠦ᠂ ᠶᠡᠷᠦᠩᠬᠡᠶ ᠲᠠᠯᠠᠪᠠᠶ ᠨᠢ 30 ᠲᠦᠮᠡᠨ ᠮᠥ ᠪᠣᠯᠤᠨ᠎ᠠ᠃ | ᠲᠥᠮᠥᠰᠥ ᠵᠢᠯ ᠳᠤ 165 ᠲᠦᠮᠡᠨ ᠺᠢᠯᠣᠭ᠍ᠷᠠᠮ᠂ ᠪᠢᠴᠢᠯ ᠬᠡᠯᠪᠡᠷᠢ ᠶᠢᠨ ᠲᠥᠮᠥᠰᠥ 2970 ᠲᠦᠮᠡᠨ ᠮᠥᠬᠦᠯᠢᠭ᠂ | ᠤᠤᠯ ᠡᠭᠦᠯᠳᠡᠷ 1460 ᠲᠦᠮᠡᠨ ᠺᠢᠯᠣᠭ᠍ᠷᠠᠮ᠂ ︽ᠲᠥᠮᠥᠰᠥᠨ ᠤ ᠬᠤᠳᠠ︾ ᠶᠢᠨ ᠭᠤᠣᠯ ᠲᠠᠷᠢᠮᠠᠯ ᠤᠨ ᠣᠷᠣᠨ | ᠪᠠᠶᠢᠵᠤ᠂ ᠪᠦᠬᠦ ᠤᠯᠤᠰ ᠤᠨ ᠴᠢᠬᠤᠯᠠ ᠦᠷ᠎ᠡ ᠶᠢᠨ ᠲᠥᠮᠥᠰᠥ᠂ ᠰᠢᠨ᠎ᠡ ᠰᠣᠷᠭᠤᠭ ᠢᠳᠡᠭᠡᠨ ᠤ ᠲᠥᠮᠥᠰᠥ ᠪᠠ | ᠡᠳ᠋ᠰᠢᠭᠦᠯᠬᠦ ᠳᠤ ᠲᠤᠰᠬᠠᠢ ᠬᠡᠷᠡᠭᠯᠡᠬᠦ ᠲᠥᠮᠥᠰᠥ ᠶᠢᠨ ᠰᠠᠭᠤᠷᠢᠨ ᠭᠠᠵᠠᠷ ᠪᠣᠯᠤᠨ᠎ᠠ᠃ ︽ᠰᠡᠭᠦᠯᠴᠢ ᠶᠢᠨ | ᠬᠤᠭᠤᠴᠠᠭᠠᠨ ᠤ ᠤᠯᠠᠭᠠᠨ︾ ᠲᠥᠮᠥᠰᠥ ᠤᠷᠢᠳ ᠬᠤᠵᠢᠳ 5A ᠲᠠᠰ ᠤᠨ ᠣᠯᠠᠨ ᠤᠯᠤᠰ ᠤᠨ ᠨᠠᠷᠠᠲᠤ | ᠲᠡᠮᠳᠡᠭ ᠤᠨ ᠭᠡᠷᠡᠴᠢᠯᠡᠯ᠂ ᠳᠤᠮᠳᠠᠳᠤ ᠤᠯᠤᠰ ᠤᠨ ᠪᠣᠬᠢᠷᠲᠤᠯ ᠥᠬᠡᠶ ᠢᠳᠡᠭᠡᠨ ᠤ ᠦᠵᠡᠰᠬᠦᠯᠡᠩ ᠤᠨ ᠠᠯᠲᠠᠨ | ᠱᠠᠩᠨᠠᠯ ᠵᠡᠷᠭᠡ ᠶᠢ ᠭᠥᠷᠳᠡᠵᠦ᠂ CCTV ᠶᠢᠨ ᠤᠯᠤᠰ ᠤᠨ ᠨᠠᠷᠠᠲᠤ ᠲᠡᠮᠳᠡᠭ ᠤᠨ ᠲᠥᠯᠥᠪᠯᠡᠭᠡ ᠳᠤ | ᠰᠣᠩᠭᠤᠭᠳᠠᠪᠠ᠃ ᠮᠠᠯ ᠲᠡᠵᠢᠭᠡᠪᠦᠷᠢ ᠶᠢᠨ ᠬᠡᠪᠴᠢᠶ᠎ᠡ 78 ᠲᠦᠮᠡᠨ ᠲᠣᠯᠣᠭᠠᠶ᠂ ᠮᠢᠬᠠᠨ ᠤ ᠲᠥᠷᠥᠯ ᠤᠨ ᠶᠡᠷᠦᠩᠬᠡᠶ | ᠭᠠᠷᠤᠯᠲᠠ 2.3 ᠲᠦᠮᠡᠨ ᠲᠣᠨ᠂ ᠬᠤᠨᠢᠨ ᠨᠣᠤᠰᠣᠨ ᠤ ᠭᠠᠷᠤᠯᠲᠠ 750 ᠲᠣᠨ ᠪᠣᠯᠤᠨ᠎ᠠ᠃ | ᠥᠨᠳᠥᠷ ᠪᠠᠷᠢᠮᠵᠢᠶ᠎ᠠ ᠪᠠᠷ ᠪᠠᠷᠢᠯᠭ᠎ᠠ ᠶᠢᠨ ᠮᠠᠲ᠋ᠧᠷᠢᠶᠠᠯ ᠤᠨ ᠬᠢᠮᠢ ᠶᠢᠨ ᠠᠵᠤ ᠦᠢᠯᠡᠳᠪᠦᠷᠢ ᠪᠣᠯᠤᠨ | ᠲᠦᠮᠠᠯᠲᠠᠶ ᠶᠢᠨ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠡᠳ᠋ᠰᠢᠭᠦᠯᠬᠦ ᠬᠤᠶᠠᠷ ᠶᠡᠭᠡ ᠠᠵᠤ | ᠤᠶᠢᠯᠡᠳᠪᠤᠷᠢ ᠶᠢᠨ ᠬᠦᠷᠢᠶᠡᠯᠡᠩ ᠲᠣᠭᠤᠷᠢᠭ ᠢ ᠲᠥᠯᠥᠪᠵᠢᠭᠦᠯᠦᠨ ᠪᠥᠲᠥᠭᠡᠨ ᠪᠠᠶᠢᠭᠤᠯᠵᠤ᠂ 90 ᠭᠠᠷᠤᠶ ᠠᠵᠤ | ᠠᠬᠤᠶᠢᠯᠠᠯ ᠳᠤ ᠣᠷᠣᠵᠤ᠂ 1.2 ᠲᠦᠮᠡᠨ ᠬᠥᠮᠦᠨ ᠳᠤ ᠰᠢᠭᠤᠳ ᠠᠵᠢᠯ ᠣᠯᠭᠤᠵᠤ᠂ 3 ᠲᠦᠮᠡ ᠭᠠᠷᠤᠶ | ᠬᠥᠮᠦᠨ ᠳᠤ ᠠᠵᠢᠯ ᠣᠯᠭᠤᠬᠤ ᠶᠢ ᠳᠠᠶᠢᠴᠢᠯᠠᠪᠠ᠃ ᠴᠠᠬᠢᠯᠠᠭᠤᠷ ᠴᠢᠯᠠᠭᠤ ᠶᠢᠨ ᠶᠡᠷᠦᠩᠬᠡᠶᠢᠯᠡᠭᠰᠡᠨ | ᠦᠢᠯᠡᠳᠪᠦᠷᠢᠯᠡᠯ ᠤᠨ ᠴᠢᠳᠠᠪᠤᠷᠢ 180 ᠲᠦᠮᠡᠨ ᠲᠣᠨ ᠳᠤ ᠬᠦᠷᠴᠦ᠂ ᠪᠦᠬᠦ ᠤᠯᠤᠰ ᠤᠨ ᠬᠠᠮᠤᠭ ᠤᠨ ᠲᠤᠮᠤ | ᠲᠠᠸᠠᠷ ᠤᠨ ᠴᠠᠬᠢᠯᠠᠭᠤᠷ ᠴᠢᠯᠠᠭᠤ ᠶᠢᠨ ᠦᠢᠯᠡᠳᠪᠦᠷᠢᠯᠡᠯ ᠤᠨ ᠰᠠᠭᠤᠷᠢᠨ ᠪᠣᠯᠪᠠ᠃ ᠪᠥᠭᠡᠭᠡᠨᠡᠷᠡᠯ ᠡᠲ᠋ᠤᠨᠤᠯ ︵PVA | ︶ ᠤᠨ ᠦᠢᠯᠡᠳᠪᠦᠷᠢᠯᠡᠯ ᠤᠨ ᠴᠢᠳᠠᠪᠤᠷᠢ 20 ᠲᠦᠮᠡᠨ ᠲᠣᠨ ᠳᠤ ᠬᠦᠷᠴᠦ᠂ ᠤᠯᠤᠰ ᠤᠨ ᠳᠣᠲᠣᠭᠠᠳᠤ ᠶᠢᠨ ᠲᠠᠩ | ᠪᠡᠶᠡᠲᠦ ᠦᠢᠯᠡᠳᠪᠦᠷᠢᠯᠡᠯ ᠤᠨ ᠴᠢᠳᠠᠪᠤᠷᠢ ᠪᠠᠷ ᠬᠠᠮᠤᠭ ᠤᠨ ᠶᠡᠭᠡ᠂ ᠮᠡᠷᠭᠡᠵᠢᠯ ᠢᠶᠠᠷ ᠬᠠᠮᠤᠭ ᠤᠨ ᠲᠡᠷᠢᠭᠦᠨ ᠤ ᠣᠨᠴᠠ | ᠲᠦᠷᠦᠯ ᠤᠨ PVA ᠦᠢᠯᠡᠳᠪᠦᠷᠢᠯᠡᠯ ᠤᠨ ᠰᠠᠭᠤᠷᠢᠨ ᠪᠣᠯᠤᠨ᠎ᠠ᠃ ᠨᠢᠭᠡᠨᠲᠡ 840 ᠲᠦᠮᠡᠨ ᠲᠣᠨ ᠱᠦᠢᠨᠢ ᠶᠢᠨ | ᠪᠤᠯᠭᠤᠭᠰᠠᠨ ᠮᠠᠲ᠋ᠧᠷᠢᠶᠠᠯ ᠤᠨ ᠦᠢᠯᠡᠳᠪᠦᠷᠢᠯᠡᠬᠦ ᠴᠢᠳᠠᠪᠤᠷᠢ ᠶᠢ ᠪᠦᠷᠢᠯᠳᠦᠭᠦᠯᠪᠡ᠃ ᠪᠤᠩᠬᠤᠨ ᠪᠠᠷᠠᠭᠠᠨ ᠤ | ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠵᠢᠯ ᠤᠨ ᠨᠡᠭᠦᠷᠡᠰᠦᠨ ᠤ ᠲᠡᠭᠡᠭᠡᠪᠦᠷᠢ ᠶᠢᠨ ᠬᠡᠮᠵᠢ᠊ ᠡᠶ᠎ᠡ 135 ᠲᠦᠮᠡᠨ | ᠲᠣᠨ ᠳᠤ ᠬᠦᠷᠴᠡᠢ᠃ | ᠯᠢᠲ᠋ᠢ ᠳ᠋ᠢᠶᠠᠨ ᡂᠢ ᠶᠢᠨ ᠪᠢᠯᠢᠭ ᠲᠦᠢᠯ ᠤᠨ ᠮᠠᠲ᠋ᠧᠷᠢᠶᠠᠯ᠂ ᠯᠢᠲ᠋ᠢ ᠳ᠋ᠢᠶᠠᠨ ᡂᠢ ᠶᠢᠨ ᠵᠢᠩᠬᠢᠨᠢ ᠳᠡᠰ᠂ | ᠪᠠᠯ ᠴᠢᠯᠠᠭᠤᠨ ᠴᠠᠬᠢᠯᠭᠠᠨ ᠲᠦᠢᠯ᠂ ᠪᠠᠯ ᠴᠢᠯᠠᠭᠤᠨ ᠬᠠᠶᠢᠯᠤᠭᠤᠷ ᠵᠡᠷᠭᠡ ᠭᠢᠨᠵᠢᠲᠦ ᠬᠥᠭᠵᠢᠯᠲᠡ ᠶᠢᠨ ᠵᠠᠭᠪᠤᠷ ᠢ | ᠪᠦᠷᠢᠯᠳᠦᠭᠦᠯᠵᠦ᠂ ᠯᠢᠲ᠋ᠢ ᠳ᠋ᠢᠶᠠᠨ ᡂᠢ ᠶᠢᠨ ᠠᠵᠤ ᠦᠢᠯᠡᠰ ᠨᠢᠭᠡᠨᠲᠡ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠠᠵᠤ ᠦᠢᠯᠡᠰ ᠤᠨ ᠪᠦᠯᠦᠭᠯᠡᠯ ᠳᠤ ᠰᠣᠩᠭᠤᠭᠳᠠᠪᠠ᠃ | ᠣᠳᠣᠬᠠᠨ ᠳᠤ ᠯᠢᠲ᠋ᠢ ᠴᠠᠬᠢᠯᠭᠠᠨ ᠴᠡᠨᠡᠭ ᠤᠨ ᠪᠢᠯᠢᠭ ᠲᠦᠢᠯ ᠤᠨ ᠮᠠᠲ᠋ᠧᠷᠢᠶᠠᠯ ᠤᠨ ᠤᠶᠢᠯᠡᠳᠪᠤᠷᠢᠯᠡᠬᠦ ᠴᠢᠳᠠᠪᠤᠷᠢ 4 | ᠲᠦᠮᠡᠨ ᠲᠣᠨ᠂ ᠪᠠᠯ ᠴᠢᠯᠠᠭᠤᠨ ᠴᠠᠬᠢᠯᠭᠠᠨ ᠲᠦᠢᠯ ᠤᠨ ᠤᠶᠢᠯᠡᠳᠪᠤᠷᠢᠯᠡᠬᠦ ᠴᠢᠳᠠᠪᠤᠷᠢ 10 ᠲᠦᠮᠡᠨ ᠲᠣᠨ᠂ ᠪᠠᠯ | ᠴᠢᠯᠠᠭᠤᠨ ᠬᠠᠶᠢᠯᠤᠭᠤᠷ ᠤᠨ ᠤᠶᠢᠯᠡᠳᠪᠤᠷᠢᠯᠡᠬᠦ ᠴᠢᠳᠠᠪᠤᠷᠢ 26 ᠲᠦᠮᠡᠨ ᠢᠵᠢ ᠪᠠᠶᠢᠨ᠎ᠠ᠃ ᠪᠠᠶᠢᠭᠤᠯᠵᠤ ᠪᠠᠶᠢᠭ᠎ᠠ | ᠲᠦᠷᠦᠯ ᠵᠦᠢᠯ ᠪᠦᠬᠦᠨ ᠢᠶᠠᠷ ᠢᠶᠠᠨ ᠦᠢᠯᠡᠳᠪᠦᠷᠢᠯᠡᠯ ᠳᠤ ᠤᠷᠤᠭᠰᠠᠨ ᠤ ᠳᠠᠷᠠᠭ᠎ᠠ᠂ ᠵᠢᠱᠢᠯᠲᠡ ᠪᠠᠷ ᠯᠢᠲ᠋ᠢ ᠴᠠᠬᠢᠯᠭᠠᠨ | ᠴᠡᠨᠡᠭ ᠤᠨ ᠪᠢᠯᠢᠭ ᠲᠦᠢᠯ ᠤᠨ ᠮᠠᠲ᠋ᠧᠷᠢᠶᠠᠯ ᠤᠨ ᠦᠢᠯᠡᠳᠪᠦᠷᠢᠯᠡᠯ ᠤᠨ ᠴᠢᠳᠠᠪᠤᠷᠢ 11 ᠲᠦᠮᠡᠨ ᠲᠣᠨ᠂ ᠯᠢᠲ᠋ᠢ | ᠴᠠᠬᠢᠯᠭᠠᠨ ᠴᠡᠨᠡᠭ ᠤᠨ ᠠᠷᠭ᠎ᠠ ᠲᠦᠢᠯ ᠤᠨ ᠮᠠᠲ᠋ᠧᠷᠢᠶᠠᠯ ᠤᠨ ᠦᠢᠯᠡᠳᠪᠦᠷᠢᠯᠡᠯ ᠤᠨ ᠴᠢᠳᠠᠪᠤᠷᠢ 3 ᠲᠦᠮᠡᠨ ᠲᠣᠨ᠂ | ᠪᠠᠯ ᠴᠢᠯᠠᠭᠤᠨ ᠴᠠᠬᠢᠯᠭᠠᠨ ᠲᠦᠢᠯ ᠤᠨ ᠦᠢᠯᠡᠳᠪᠦᠷᠢᠯᠡᠯ ᠤᠨ ᠴᠢᠳᠠᠪᠤᠷᠢ 31 ᠲᠦᠮᠡᠨ ᠲᠣᠨ᠂ ᠪᠠᠯ ᠴᠢᠯᠠᠭᠤᠨ | ᠬᠠᠶᠢᠯᠤᠭᠤᠷ 57 ᠲᠦᠮᠡᠨ ᠢᠵᠢ ᠶᠢᠨ ᠬᠡᠪᠴᠢᠶ᠎ᠡ ᠶᠢ ᠪᠦᠷᠢᠯᠳᠦᠭᠦᠯᠬᠦ ᠪᠣᠯᠤᠨ᠎ᠠ᠃ | ᠲᠠᠪᠤ᠂ ᠵᠢᠭᠤᠯᠴᠢᠯᠠᠯ ᠤᠨ ᠡᠬᠢ ᠪᠠᠶᠠᠯᠢᠭ | ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠲᠠᠯ᠎ᠠ ᠨᠤᠲᠤᠭ ᠥᠷᠭᠡᠨ ᠠᠭᠤᠳᠠᠮ᠂ ᠳᠥᠷᠪᠡᠨ | ᠤᠯᠠᠷᠢᠯ ᠲᠣᠳᠣᠷᠬᠠᠶ᠂ ᠵᠤᠨ ᠨᠠᠮᠤᠷ ᠤᠨ ᠤᠯᠠᠷᠢᠯ ᠳᠤ᠂ ᠠᠭᠤᠷ ᠠᠮᠢᠰᠬᠤᠯ ᠰᠡᠷᠢᠭᠦᠨ ᠪᠠᠶᠢᠵᠤ᠂ ᠵᠤᠰᠠᠯᠠᠩ ᠤᠨ | ᠬᠠᠮᠤᠭ ᠰᠠᠶᠢᠨ ᠦᠵᠡᠮᠵᠢᠲᠦ ᠣᠷᠣᠨ ᠤ ᠨᠢᠭᠡ ᠨᠢ ᠪᠣᠯᠤᠨ᠎ᠠ᠃ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ | ᠤᠷᠢᠳ ᠬᠤᠵᠢᠳ ︽ᠥᠪᠡᠷᠲᠡᠭᠡᠨ ᠵᠠᠰᠠᠬᠤ ᠣᠷᠣᠨ ᠤ ᠴᠡᠴᠡᠷᠯᠢᠭ ᠤᠨ ᠰᠢᠶᠠᠨ ᠤ ᠬᠤᠲᠠ︾ ︽ᠥᠪᠡᠷᠲᠡᠭᠡᠨ | ᠵᠠᠰᠠᠬᠤ ᠣᠷᠣᠨ ᠤ ᠡᠷᠡᠭᠦᠯ ᠬᠠᠮᠠᠭᠠᠯᠠᠯ ᠤᠨ ᠬᠤᠰᠢᠭᠤ ᠰᠢᠶᠠᠨ︾ ᠢ ᠠᠮᠵᠢᠯᠲᠠ ᠲᠠᠢ ᠪᠠᠶᠢᠭᠤᠯᠵᠤ᠂ ᠰᠡᠯᠡᠭᠦᠴᠡᠨ | ᠰᠤᠪᠢᠯᠠᠬᠤ ᠶᠢᠨ ᠰᠠᠶᠢᠨ ᠭᠠᠵᠠᠷ ᠪᠣᠯᠤᠭᠰᠠᠨ ᠪᠠᠶᠢᠨ᠎ᠠ᠃ | ᠠᠳᠡ ᠡᠷᠲᠡᠨ ᠤ ᠭᠠᠶᠢᠬᠠᠮᠰᠢᠭᠲᠤ ᠭᠠᠯᠲᠤ ᠠᠭᠤᠯᠠ ᠶᠢᠨ ᠬᠡᠭᠡᠷ᠎ᠡ ᠲᠠᠯ᠎ᠠ ᠪᠠᠶᠢᠨ᠎ᠠ᠃ ᠭᠠᠯᠲᠤ | ᠠᠭᠤᠯᠠ ᠶᠢᠨ ᠰᠦᠷᠦᠭ ᠨᠢ ᠪᠠᠶᠠᠨᠴᠠᠭᠠᠨ ᠪᠠᠯᠭᠠᠰᠤ ᠠᠴᠠ ᠤᠮᠠᠷᠠᠰᠢ ᠤᠯᠠᠭᠠᠨᠬᠠᠳᠠ ᠰᠤᠮᠤ ᠬᠦᠷᠲᠡᠯᠡᠬᠢ ᠣᠷᠴᠢᠮ | ᠪᠠᠶᠢᠷᠢᠯᠠᠵᠤ᠂ ᠳᠥᠷᠪᠡᠳᠡᠭᠴᠢ ᠭᠠᠯᠪᠠ ᠶᠢᠨ ᠭᠠᠯᠲᠤ ᠠᠭᠤᠯᠠ ᠶᠢᠨ ᠪᠦᠲᠦᠭᠡᠭᠳᠡᠬᠦᠨ ᠪᠠᠶᠢᠵᠤ᠂ ᠭᠠᠯᠲᠤ ᠠᠭᠤᠯᠠ ᠶᠢᠨ | ᠦᠯᠡᠳᠡᠭᠳᠡᠯ ᠤᠨ ᠬᠤᠯᠪᠣᠭᠳᠠᠬᠤ ᠭᠠᠵᠠᠷ ᠣᠷᠣᠨ ᠤ ᠲᠠᠯᠠᠪᠠᠶ ᠨᠢ 400 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ | ᠲᠡᠯᠡᠶ ᠶᠢᠨ ᠲᠦᠪᠰᠢᠨ ᠠᠴᠠ ᠳᠡᠭᠡᠭᠰᠢ ᠡᠷᠭᠦᠭᠳᠡᠭᠰᠡᠨ ᠥᠨᠳᠥᠷ ᠤᠨ ᠬᠡᠮᠵᠢᠶ᠎ᠡ ᠨᠢ ᠶᠡᠷᠦ ᠳᠡᠭᠡᠨ 1400 — | 1600 ᠮᠧᠲᠷ ᠪᠠᠶᠢᠳᠠᠭ᠃ ᠭᠠᠵᠠᠷ ᠰᠢᠨᠵᠢᠯᠡᠭᠡᠨ ᠤ ᠴᠡᠴᠡᠷᠯᠢᠭ ᠤᠨ ᠭᠤᠤᠯᠳᠠᠯᠭ᠎ᠠ ᠲᠠᠢ ᠭᠠᠵᠠᠷ ᠰᠢᠨᠵᠢᠯᠡᠭᠡᠨ ᠤ | ᠦᠯᠡᠳᠡᠭᠳᠡᠯ ᠤᠨ ᠬᠠᠮᠠᠭᠠᠯᠠᠯᠲᠠ ᠶᠢᠨ ᠣᠷᠣᠨ ᠪᠦᠰᠡ ᠶᠢᠨ ᠲᠠᠯᠠᠪᠠᠶ ᠭᠠᠯᠲᠤ ᠠᠭᠤᠯᠠ ᠶᠢᠨ ᠠᠵᠢᠯᠯᠠᠭ᠎ᠠ ᠨᠢ ᠪᠠᠷᠤᠭ 1 | ᠲᠦᠮᠡᠨ ᠵᠢᠯ ᠤᠨ ᠡᠮᠦᠨᠡᠬᠢ ᠣᠷᠣᠶ ᠰᠢᠨᠡᠳᠬᠦ ᠦᠶ᠎ᠡ ᠠᠴᠠ ᠡᠬᠢᠯᠡᠵᠦ᠂ ᠴᠣ᠋ ᠰᠢᠨ᠎ᠡ ᠦᠶ᠎ᠡ ᠳᠤ ᠢᠴᠡᠭᠡᠯᠡᠵᠦ᠂ 30 | ᠭᠠᠷᠤᠶ ᠭᠠᠯᠲᠤ ᠠᠭᠤᠯᠠ ᠶᠢ ᠪᠠᠭᠲᠠᠭᠠᠵᠤ᠂ ᠨᠡᠯᠢᠶᠡᠳ ᠨᠡᠶᠢᠲᠡᠯᠢᠭ ᠲᠥᠪ ᠮᠠᠶ᠋ᠢᠭ ᠤᠨ ᠭᠠᠯᠲᠤ ᠠᠭᠤᠯᠠ ᠨᠢ 3 | ᠳ᠋ᠤᠭᠠᠷ᠂ 5 ᠳ᠋ᠤᠭᠠᠷ ᠪᠠ 6 ᠳ᠋ᠤᠭᠠᠷ ᠪᠠᠶᠢᠵᠤ᠂ ᠡᠭᠦᠨ ᠳᠤ 3 ᠳ᠋ᠤᠭᠠᠷ ᠭᠠᠯᠲᠤ ᠠᠭᠤᠯᠠ ᠶᠢᠨ ᠱᠣᠷᠣᠯᠵᠢᠨ ᠤ | ᠢᠷᠣᠭᠠᠷ ᠤᠨ ᠳ᠋ᠢᠶᠠᠮᠧᠲᠷ ᠨᠢ ᠪᠠᠷᠤᠭ 700—— ᠪᠠᠶᠠᠨᠴᠠᠭᠠᠨ600 ᠮᠧᠲᠷ᠂ ᠱᠣᠷᠣᠯᠵᠢᠨ ᠤ ᠥᠨᠳᠥᠷ ᠤᠨ | ᠬᠡᠮᠵᠢᠶ᠎ᠡ ᠨᠢ ᠪᠠᠷᠤᠭ 80 ᠮᠧᠲᠷ᠂ ᠭᠠᠯ ᠤᠨ ᠠᠮᠠᠰᠠᠷ ᠤᠨ ᠳ᠋ᠢᠶᠠᠮᠧᠲᠷ ᠨᠢ ᠪᠠᠷᠤᠭ 180 ᠮᠧᠲᠷ᠂ ᠭᠦᠨ ᠤ | ᠬᠡᠮᠵᠢᠶ᠎ᠡ ᠨᠢ ᠪᠠᠷᠤᠭ 30 ᠮᠧᠲᠷ᠂ ᠲᠠᠯᠠᠪᠠᠶ ᠨᠢ ᠪᠠᠷᠤᠭ 3 ᠲᠡᠭᠰᠢ ᠳᠥᠷᠪᠡᠯᠵᠢᠨ ᠺᠢᠯᠣᠮᠧᠲᠷ ᠪᠠᠶᠢᠳᠠᠭ᠃ ᠭᠤᠷᠪᠠᠨ | ᠭᠠᠯᠲᠤ ᠠᠭᠤᠯᠠ ᠨᠢ ᠪᠦᠷ ᠬᠤᠵᠢᠷᠯᠢᠬ ᠬᠦᠷᠮᠡᠨ ᠴᠢᠨᠠᠷᠲᠠᠶ ᠭᠠᠯᠲᠤ ᠠᠭᠤᠯᠠ ᠶᠢᠨ ᠰᠢᠭᠠᠷᠤ ᠪᠠ ᠬᠠᠶᠢᠯᠤᠮᠠᠯ | ᠴᠢᠯᠠᠭᠤᠯᠢᠭ ᠤᠨ ᠤᠷᠤᠰᠬᠠᠯ ᠢᠶᠠᠷ ᠪᠦᠷᠢᠯᠳᠦᠵᠦ᠂ ᠭᠠᠯᠲᠤ ᠠᠭᠤᠯᠠ ᠶᠢᠨ ᠬᠡᠪᠴᠢᠶ᠎ᠡ ᠨᠢ ᠨᠡᠯᠢᠶᠡᠳ ᠶᠡᠭᠡ᠂ ᠭᠠᠯᠲᠤ | ᠠᠭᠤᠯᠠ ᠶᠢᠨ ᠱᠣᠪᠣᠭᠤᠷ ᠪᠡᠶᠡᠲᠦ᠂ ᠭᠠᠯᠲᠤ ᠠᠭᠤᠯᠠ ᠶᠢᠨ ᠠᠮᠠᠰᠠᠷ ᠢ ᠪᠦᠷᠢᠨ ᠪᠦᠲᠦᠨ ᠬᠠᠳᠠᠭᠠᠯᠠᠵᠤ᠂ | ᠴᠢᠨᠠᠭᠰᠢᠯᠠᠨ ᠭᠠᠯ ᠤᠨ ᠠᠮᠠᠰᠠᠷ ᠲᠤ ᠳᠠᠪᠬᠤᠷᠯᠠᠭᠰᠠᠨ ᠭᠠᠯᠲᠤ ᠠᠭᠤᠯᠠ ᠶᠢᠨ ᠬᠥᠳᠡᠯᠭᠡᠭᠡᠨ ᠤ ᠰᠡᠭᠦᠯᠴᠢ ᠶᠢᠨ | ᠬᠤᠭᠤᠴᠠᠭᠠᠨ ᠳᠤ ᠪᠦᠷᠢᠯᠳᠦᠭᠰᠡᠨ ᠵᠢᠵᠢᠭ ᠱᠣᠪᠣᠭᠤᠷ ᠪᠡᠶᠡᠲᠦ ᠨᠢ ᠴᠦ ᠪᠦᠷᠢᠨ ᠪᠦᠲᠦᠨ ᠬᠠᠳᠠᠭᠠᠯᠠᠭᠳᠠᠵᠤ ᠪᠠᠶᠢᠳᠠᠭ | ᠃ ᠭᠠᠯᠲᠤ ᠠᠭᠤᠯᠠ ᠶᠢᠨ ᠪᠦᠲᠦᠴᠡ ᠶᠢᠨ ᠡᠯᠧᠮᠧᠨ᠋ᠲ ᠤᠨ ᠪᠦᠷᠢᠨ ᠭᠦᠢᠴᠡᠳ ᠪᠠ ᠬᠠᠳᠠᠭᠠᠯᠠᠯᠲᠠ ᠶᠢᠨ ᠪᠦᠷᠢᠨ | ᠪᠦᠲᠦᠨ ᠴᠢᠨᠠᠷ ᠨᠢ ᠤᠯᠤᠰ ᠤᠨ ᠳᠣᠲᠣᠭᠠᠳᠤ ᠳᠤ ᠴᠥᠭᠡᠨ ᠪᠠᠶᠢᠵᠤ᠂ ᠪᠠᠶᠢᠭᠠᠯᠢ ᠶᠢᠨ ᠭᠠᠯᠲᠤ ᠠᠭᠤᠯᠠ ᠶᠢᠨ ︽ | ᠮᠦᠽᠧᠶ︾ ᠪᠠᠶᠢᠵᠤ᠂ ᠣᠳᠣ ᠦᠶ᠎ᠡ ᠶᠢᠨ ᠳᠡᠯᠡᠬᠡᠶ ᠶᠢᠨ ᠴᠠᠷᠴᠠᠳᠠᠰᠤ ᠶᠢᠨ ᠭᠦᠨ ᠬᠡᠰᠡᠭ ᠤᠨ ᠪᠦᠲᠦᠴᠡ ᠵᠢᠴᠢ | ᠬᠥᠳᠡᠯᠭᠡᠭᠡᠨᠲᠦ ᠴᠢᠨᠠᠷ ᠢ ᠰᠤᠳᠤᠯᠬᠤ ᠪᠠᠶᠢᠭᠠᠯᠢ ᠶᠢᠨ ︽ᠴᠣᠩᠬᠤ︾ ᠪᠠᠶᠢᠵᠤ᠂ ᠭᠠᠯᠲᠤ ᠠᠭᠤᠯᠠ ᠶᠢᠨ ᠡᠬᠢ ᠪᠠᠶᠠᠯᠢᠭ | ᠂ ᠣᠷᠴᠢᠨ ᠲᠣᠭᠤᠷᠢᠨ ᠵᠢᠴᠢ ᠭᠠᠶ ᠭᠠᠮᠰᠢᠭ ᠢ ᠰᠤᠳᠤᠯᠬᠤ ᠰᠢᠭᠤᠳ ᠯᠠᠪᠯᠠᠯᠲᠠ ᠪᠣᠯᠤᠨ᠎ᠠ᠃ | ᠠᠳᠡ ᠬᠠᠪᠤᠷ ᠨᠠᠮᠤᠷ ᠤᠨ ᠤᠯᠠᠷᠢᠯ ᠳᠤ᠂ ᠾᠧᠦ ᠰᠢᠪᠠᠭᠤ ᠶᠢᠨ ᠨᠡᠭᠦᠳᠡᠯᠯᠡᠨ᠂ ᠥᠩᠭᠡ ᠦᠵᠡᠮᠵᠢ | ᠭᠤᠶᠣ ᠰᠠᠶᠢᠬᠠᠨ ᠤᠤᠯ ᠠᠮᠢ ᠠᠬᠤᠶ ᠶᠢᠨ ᠴᠢᠭᠢᠭᠯᠢᠭ ᠭᠠᠵᠠᠷ ᠤᠨ ᠬᠠᠮᠠᠭᠠᠯᠠᠯᠲᠠ ᠶᠢᠨ ᠣᠷᠣᠨ — ᠬᠤᠨᠳᠣ | ᠨᠠᠭᠤᠷ ᠪᠣᠶ᠃ ᠥᠩᠭᠡ ᠦᠵᠡᠮᠵᠢ ᠭᠤᠶᠣ ᠰᠠᠶᠢᠬᠠᠨ᠂ ᠨᠣᠮᠢᠨ ᠳᠣᠯᠭᠢᠶᠠᠨ ᠳᠣᠯᠭᠢᠶᠠᠯᠠᠭᠰᠠᠨ ᠪᠠᠶ ᠶᠠᠨ ᠬᠤ᠋ ᠨᠠᠭᠤᠷ | ᠪᠠ ᠱᠢ ᠮᠧᠨ ᠺᠸᠤ ᠤᠰᠤᠨ ᠴᠥᠭᠦᠷᠥᠮ ᠵᠡᠷᠭᠡ ᠪᠠᠶᠢᠨ᠎ᠠ᠃ 1000 ᠭᠠᠷᠤᠶ ᠵᠢᠯ ᠤᠨ ᠮᠣᠳᠣᠨ ᠤ ᠰᠠᠷᠠᠪᠴᠢ ᠲᠠᠢ | 500 ᠬᠠᠪᠲᠠᠭᠠᠶ ᠳᠥᠷᠪᠡᠯᠵᠢᠨ ᠮᠧᠲᠷ ᠤᠨ ᠡᠷᠲᠡᠨ ᠤ ᠬᠠᠶᠢᠯᠠᠰᠤᠨ ᠮᠣᠳᠣ ᠲᠠᠢ᠃ ᠭᠦᠨ ᠨᠢᠭᠤᠴᠠᠭᠠᠶ ᠡᠷᠲᠡᠨ ᠤ | ᠬᠠᠲᠠᠨ ᠥᠰᠥᠭ ᠤᠨ ᠬᠠᠲᠠᠨ ᠵᠢᠷᠤᠭ ᠪᠠ ᠬᠠᠴᠢᠨ ᠭᠠᠶᠢᠬᠠᠮᠰᠢᠭᠲᠤ ᠠᠭᠤᠯᠠ ᠬᠠᠴᠢᠨ ᠴᠢᠯᠠᠭᠤᠨ ᠭᠤᠤ ᠪᠠᠶᠢᠳᠠᠭ᠃ | ᠢ ᠮᠡᠳᠡᠬᠦᠶ᠎ᠡ ᠪᠡᠷᠬᠡ ᠡᠷᠲᠡᠨ ᠤ ᠬᠠᠲᠠᠨ ᠥᠰᠥᠭ ᠤᠨ ᠬᠠᠲᠠᠨ ᠵᠢᠷᠤᠭ ᠪᠠ ᠬᠠᠴᠢᠨ ᠬᠠᠴᠢᠨ ᠴᠢᠯᠠᠭᠤᠨ ᠭᠤᠤ | ᠭᠡᠳᠡᠭ᠃ ᠤᠮᠠᠷᠠᠲᠤ ᠸᠧᠶ ᠤᠯᠤᠰ ᠤᠨ ᠺᠠᠶ ᠭᠦᠸᠧ ᠨᠡᠶᠢᠰᠯᠡᠯ ᠺᠷᠢᠮᠤᠩ ᠤᠨ ᠡᠷᠲᠡᠨ ᠤ ᠬᠤᠲᠠ ᠪᠠᠶᠢᠨ᠎ᠠ᠃ ᠳᠠᠶᠠᠨ | ᠬᠠᠭᠠᠨ᠂ ᠯᠢᠨ ᠳ᠋ᠠᠨ ᠬᠠᠭᠠᠨ ᠤ ᠣᠷᠳᠣᠨ ᠳᠤ ᠮᠠᠯᠵᠢᠵᠤ ᠪᠠᠶᠢᠭᠰᠠᠨ ᠴᠠᠭᠠᠨ ᠪᠤᠯᠠᠭ ᠡᠷᠲᠡᠨ ᠤ ᠬᠤᠳᠠ ᠪᠠ | ᠳᠠᠬᠢᠯᠭ᠎ᠠ ᠳᠤ ᠣᠷᠣᠯᠴᠠᠵᠤ ᠥᠩᠭᠡᠷᠡᠭᠰᠡᠨ ᠬᠠᠨ ᠠᠭᠤᠯᠠ ᠤᠪᠤᠭ᠎ᠠ ᠪᠠᠶᠢᠨ᠎ᠠ᠃ ᠴᠢᠩ ᠤᠯᠤᠰ ᠤᠨ ᠡᠩᠬᠡ | ᠠᠮᠤᠭᠤᠯᠠᠩ ᠬᠠᠭᠠᠨ ︽ᠱᠠᠨ ᠹᠦ᠋ ᠰᠧ ᠰᠦᠮ᠎ᠡ︾ ᠭᠡᠰᠡᠨ ᠨᠡᠷ᠎ᠡ ᠲᠠᠢ᠂ ᠴᠠᠬᠠᠷ ᠤᠨ ᠬᠠᠮᠤᠭ ᠲᠣᠮᠣ ᠰᠢᠷ᠎ᠠ ᠶᠢᠨ | ᠱᠠᠰᠢᠨ ᠤ ᠯᠠᠮᠠ ᠶᠢᠨ ᠰᠦᠮ᠎ᠡ ᠠᠭᠤᠢ ᠶᠢᠨ ᠰᠦᠮ᠎ᠡ ᠭᠡᠳᠡᠭ᠃ |