ᠤᠯᠠᠭᠠᠨᠴᠠᠪ ᠤᠨ ᠭᠠᠯᠲᠤ ᠠᠭᠤᠯᠠ ᠶᠢᠨ ᠲᠠᠪᠤᠨ ᠰᠠᠷ᠎ᠠ ᠶᠢᠨ ᠨᠢᠭᠡᠨ ᠤ ᠠᠮᠠᠷᠠᠯᠲᠠ ᠶᠢᠨ ᠠᠩᠬᠠᠨ ᠤ ᠡᠳᠦᠷ ᠲᠤ ᠵᠢᠭᠤᠯᠴᠢᠯᠠᠯ ᠤᠨ ᠦᠢᠯᠡᠰ ᠰᠠᠶᠢᠨ ᠡᠬᠢᠯᠡᠯᠲᠡ ᠶᠢ ᠤᠭᠳᠤᠨ ᠠᠪᠴᠢᠷᠠᠯ᠎ᠠ
ᠨᠡᠶᠢᠲᠡᠯᠡᠭᠰᠡᠨ ᠴᠠᠭ᠄
2024/5/6
     ᠲᠠᠪᠤᠨ ᠰᠠᠷ᠎ᠠ ᠶᠢᠨ ᠨᠢᠭᠡᠨ ᠤ ᠠᠮᠠᠷᠠᠯᠲᠠ ᠶᠢᠨ ᠠᠩᠬᠠᠨ ᠤ ᠡᠳᠦᠷ ᠲᠤ᠂ ᠠᠭᠠᠷ ᠤᠨ ᠳᠤᠯᠠᠭᠠᠨ ᠳᠡᠭᠡᠭᠰᠢᠯᠡᠵᠦ᠂ ᠠᠭᠤᠷ ᠠᠮᠢᠰᠬᠤᠯ ᠴᠡᠯᠮᠡᠭᠰᠢᠵᠦ᠂ ᠵᠤᠭᠠᠴᠠᠭᠰᠠᠳ ᠤᠨ ᠶᠠᠪᠤᠵᠤ ᠰᠠᠭᠤᠬᠤ ᠬᠠᠯᠠᠭᠤᠨ ᠰᠡᠳᠬᠢᠯᠭᠡ ᠤᠯᠠᠮ ᠨᠡᠮᠡᠭᠳᠡᠵᠦ᠂ ᠤᠯᠠᠭᠠᠨᠴᠠᠪ ᠤᠨ ᠭᠠᠯᠲᠤ ᠠᠭᠤᠯᠠᠨ ᠳᠤ ᠦᠯᠡᠮᠵᠢ ᠣᠯᠠᠨ ᠵᠤᠭᠠᠴᠠᠭᠰᠠᠳ ᠢ ᠤᠭᠲᠤᠨ ᠠᠪᠴᠢᠷᠠᠵᠤ᠂ ᠦᠵᠡᠮᠵᠢ ᠶᠢᠨ ᠣᠷᠣᠨ ᠳᠤ ᠬᠥᠮᠥᠰ ᠤᠨ ᠤᠷᠤᠰᠬᠠᠯ ᠪᠢᠯᠬᠠᠵᠤ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠵᠤᠭᠠᠴᠠᠯ ᠤᠨ ᠵᠠᠬ᠎ᠠ ᠳᠡᠯᠭᠡᠭᠦᠷ ᠲᠤ ᠵᠤᠭᠠᠴᠠᠯ ᠤᠨ  ᠰᠠᠶᠢᠨ ᠰᠠᠶᠢᠬᠠᠨ ᠪᠠᠶᠢᠳᠠᠯ ᠢᠯᠡᠷᠡᠪᠡ᠃
     ᠲᠦᠷᠪᠡᠳᠤᠭᠡᠷ ᠨᠣᠮᠧᠷᠲᠤ ᠭᠠᠯᠲᠤ ᠠᠭᠤᠯᠠᠨ ᠳᠤ ᠬᠥᠮᠥᠨ ᠬᠠᠷ᠎ᠠ ᠬᠤᠷᠠᠨ ᠴᠤᠭᠯᠠᠷᠠᠵᠤ᠂ ᠵᠤᠭᠠᠴᠠᠭᠰᠠᠳ ᠲᠠᠰᠤᠷᠠᠯ ᠦᠭᠡᠢ ᠴᠤᠪᠤᠷᠠᠯᠳᠤᠨ᠎ᠠ᠃ ᠲᠦᠷᠪᠡᠳᠤᠭᠡᠷ ᠨᠣᠮᠧᠷᠲᠤ ᠭᠠᠯᠲᠤ ᠠᠭᠤᠯᠠ ᠶᠢᠨ ᠰᠠᠭᠤᠷᠢ ᠲᠥᠬᠦᠭᠡᠷᠦᠮᠵᠢ ᠨᠢ ᠨᠡᠯᠢᠶᠡᠳ ᠲᠡᠭᠦᠯᠳᠡᠷᠵᠢᠭᠰᠡᠨ ᠠᠴᠠ ᠵᠤᠭᠠᠴᠠᠭᠰᠠᠳ ᠤᠨ ᠲᠠᠭᠠᠰᠢᠶᠠᠯ ᠢ ᠣᠯᠵᠤ᠂ ᠵᠤᠭᠠᠴᠠᠭᠰᠠᠳ ᠤᠨ ᠲᠠᠭᠠᠰᠢᠶᠠᠯ ᠢ ᠭᠦᠢᠴᠡᠳ ᠡᠳ᠋ᠯᠡᠬᠦ ᠶᠢᠨ ᠬᠠᠮᠲᠤ ᠪᠠᠰᠠ ᠠᠮᠲᠠᠲᠤ ᠢᠳᠡᠭᠡᠨ ᠢ ᠭᠦᠢᠴᠡᠳ ᠡᠳ᠋ᠯᠡᠨ᠎ᠡ᠃ ᠠᠭᠤᠯᠠ ᠶᠢᠨ ᠬᠠᠵᠠᠭᠤ ᠳᠤ ᠡᠷᠲᠡ ᠨᠡᠭᠡᠭᠡᠨ ᠮᠠᠯᠲᠠᠭᠰᠠᠨ ᠠᠴᠠ ᠥᠪᠡᠷᠮᠢᠴᠡ ᠣᠨᠴᠠᠯᠢᠭ ᠲᠠᠢ ᠪᠣᠯᠵᠤ᠂ ᠠᠭᠤᠯᠠᠨ ᠳᠡᠭᠡᠷᠡᠬᠢ ᠶᠡᠭᠡ ᠪᠠᠭ᠎ᠠ ᠭᠠᠯᠲᠤ ᠠᠭᠤᠯᠠ ᠶᠢᠨ ᠴᠢᠯᠠᠭᠤ ᠶᠢ ᠵᠤᠭᠠᠴᠠᠭᠰᠠᠳ ᠲᠤ ᠰᠣᠨᠢᠷᠬᠠᠭᠤᠯᠵᠤ᠂ ᠵᠤᠭᠠᠴᠠᠭᠰᠠᠳ ᠤᠨ ᠵᠠᠪᠠᠯ ᠬᠦᠷᠬᠦ ᠭᠠᠵᠠᠷ ᠪᠣᠯᠤᠭᠰᠠᠨ ᠪᠠᠶᠢᠨ᠎ᠠ᠃      6 ᠳ᠋ᠤᠭᠠᠷ ᠭᠠᠯᠲᠤ ᠠᠭᠤᠯᠠᠨ ᠳᠡᠭᠡᠷ᠎ᠡ᠂ ᠵᠤᠭᠠᠴᠠᠭᠰᠠᠳ ᠴᠠᠭᠠᠨ ᠥᠩᠭᠡ ᠲᠠᠢ᠂ ᠶᠠᠭᠠᠨ ᠥᠩᠭᠡᠲᠡᠢ ᠰᠠᠨᠰᠠᠷ ᠠᠶᠠᠯᠠᠯ ᠤᠨ ᠬᠤᠪᠴᠠᠰᠤ ᠪᠠᠨ ᠡᠮᠦᠰᠦᠨ ᠡᠯ᠎ᠡ ᠵᠦᠢᠯ ᠤᠨ ︽pose︾ ᠢᠶᠠᠷ ᠰᠡᠭᠦᠳᠡᠷ ᠲᠠᠲᠠᠵᠤ᠂ ᠳᠡᠭᠡᠷ᠎ᠡ ᠨᠢ ᠥᠩᠭᠡ ᠪᠦᠷᠢ ᠶᠢᠨ ᠣᠲᠤᠭ᠎ᠠ ᠤᠨᠢᠶᠠᠷ ᠰᠤᠭᠤᠨᠠᠭᠯᠠᠵᠤ ᠪᠠᠶᠢᠭ᠎ᠠ ᠨᠢ ᠭᠠᠯ ᠭᠠᠷᠠᠭ ᠤᠨ ᠳᠡᠭᠡᠷ᠎ᠡ ᠪᠠᠶᠢᠬᠤ ᠰᠢᠭ᠋ ᠪᠠᠶᠢᠯ᠎ᠠ᠃      ︽ᠥᠨᠥᠳᠥᠷ ᠪᠢᠳᠡ ᠭᠡᠷ ᠢᠶᠠᠷ ᠢᠶᠠᠨ ᠭᠠᠯᠲᠤ ᠠᠭᠤᠯᠠᠨ ᠳᠤ ᠢᠷᠡᠭᠡᠳ ᠮᠠᠰᠢ ᠪᠠᠶᠠᠷ  ᠲᠠᠢ ᠪᠠᠷ ᠨᠠᠭᠠᠳᠤᠭᠰᠠᠨ ᠶᠤᠮ︾ ᠭᠡᠵᠤ ᠱᠠᠨ ᠰᠢ ᠶᠢᠨ ᠲᠠᠶᠢᠶᠤᠸᠠᠨ ᠠᠴᠠ ᠢᠷᠡᠭᠰᠡᠨ ᠪᠢᠴᠢᠬᠠᠨ ᠵᠤᠭᠠᠴᠠᠭᠴᠢ ᠾᠥᠸᠧ ᠰᠧ ᠮᠢᠩ ᠾᠥᠸᠧ ᠰᠧ ᠲᠤᠤ ᠰᠤᠷᠪᠤᠯᠵᠢᠯᠠᠭᠴᠢ ᠶᠢᠨ ᠦᠵᠡᠭᠳᠡᠯ ᠤᠨ ᠡᠮᠦᠨ᠎ᠡ ᠣᠮᠤᠭ ᠲᠡᠭᠦᠯᠳᠡᠷ ᠢᠶᠠᠷ ᠶᠠᠷᠢᠨ᠎ᠠ᠃      ︽ᠪᠢ ᠭᠤᠸᠠᠩᠳᠦ᠋ᠩ ᠠᠴᠠ ᠢᠷᠡᠭᠰᠡᠨ᠂ ᠥᠪᠥᠷ ᠮᠣᠩᠭᠤᠯ ᠳᠤ ᠠᠩᠬ᠎ᠠ ᠢᠷᠡᠵᠦ ᠪᠠᠶᠢᠭ᠎ᠠ ᠪᠣᠯᠬᠤᠷ ᠠᠳᠡᠬᠢ ᠵᠠᠩ ᠠᠭᠠᠯᠢ ᠮᠠᠨ ᠤ ᠡᠮᠦᠨᠡᠲᠦ ᠣᠷᠣᠨ ᠤ ᠬᠢ ᠲᠠᠢ ᠲᠣᠩ ᠠᠳᠠᠯᠢ ᠦᠭᠡᠢ ᠰᠠᠨᠠᠭᠳᠠᠵᠤ ᠪᠠᠶᠢᠨ᠎ᠠ᠂ ᠠᠩᠬ᠎ᠠ ᠤᠳᠠᠭ᠎ᠠ ᠭᠠᠯᠲᠤ ᠠᠭᠤᠯᠠ ᠶᠢᠨ ᠬᠤᠷᠮᠣᠢ ᠳᠤ ᠢᠷᠡᠵᠦ᠂ ᠰᠠᠨᠰᠠᠷ ᠤᠨ ᠠᠶᠠᠯᠠᠯ ᠤᠨ ᠬᠤᠪᠴᠠᠰᠤ ᠪᠠᠨ ᠡᠮᠦᠰᠦᠭᠡᠳ᠂ ᠰᠠᠨᠰᠠᠷᠴᠢ ᠶᠢᠨ ᠵᠣᠪᠠᠭᠤᠷᠢ ᠵᠦᠳᠡᠭᠦᠷᠢ ᠪᠠ ᠠᠭᠤᠤ ᠶᠡᠭᠡ ᠦᠢᠯᠡ ᠶᠢ ᠪᠡᠶ᠎ᠡ ᠪᠠᠷ ᠢᠶᠠᠨ ᠥᠩᠭᠡᠷᠡᠭᠦᠯᠦᠭᠰᠡᠨ ᠪᠥᠭᠡᠳ ᠬᠥᠳᠡᠯᠮᠦᠷᠢᠴᠢᠳ ᠤᠨ ᠪᠠᠶᠠᠷ ᠤᠨ ᠡᠳᠦᠷ ᠤᠨ ᠪᠠᠶᠠᠷ ᠬᠥᠷ ᠲᠠᠢ ᠪᠠᠶᠢᠬᠤ ᠶᠢ ᠢᠷᠦᠭᠡᠶ᠎ᠡ︾ ᠭᠡᠵᠤ ᠭᠤᠸᠠᠩᠳᠦ᠋ᠩ ᠠᠴᠠ ᠢᠷᠡᠭᠰᠡᠨ ᠵᠤᠭᠠᠴᠠᠭᠴᠢ ᠯᠦ ᠰᠢᠤᠸᠠᠨ ᠰᠤᠷᠪᠤᠯᠵᠢᠯᠠᠭᠴᠢ ᠳᠤ ᠬᠡᠯᠡᠭᠰᠡᠨ ᠪᠥᠭᠡᠳ ᠤᠯᠠᠨ ᠳᠤ ᠬᠥᠳᠡᠯᠮᠦᠷᠢᠴᠢᠳ ᠤᠨ ᠪᠠᠶᠠᠷ ᠤᠨ ᠰᠠᠶᠢᠨ ᠰᠠᠶᠢᠬᠠᠨ ᠵᠥᠩᠨᠡᠯ ᠳᠡᠪᠰᠢᠭᠦᠯᠵᠡᠢ᠃
     ᠲᠠᠪᠤᠨ ᠰᠠᠷ᠎ᠠ ᠶᠢᠨ ᠨᠢᠭᠡᠨ ᠤ ᠠᠮᠠᠷᠠᠯᠲᠠ ᠶᠢᠨ ᠠᠩᠬᠠᠨ ᠤ ᠡᠳᠦᠷ ᠲᠤ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠢᠨ ᠵᠤᠭᠠᠴᠠᠭᠰᠠᠳ ᠢ 2.8 ᠲᠦᠮᠡᠨ ᠬᠥᠮᠥᠨ ᠤᠳᠠᠭ᠎ᠠ ᠬᠦᠯᠢᠶᠡᠨ ᠠᠪᠴᠤ᠂ ᠤᠯᠠᠭᠠᠨᠴᠠᠪ ᠬᠤᠲᠠ ᠶᠢᠨ ᠭᠠᠯᠲᠤ ᠠᠭᠤᠯᠠ ᠶᠢᠨ ᠦᠵᠡᠮᠵᠢ ᠶᠢᠨ ᠣᠷᠣᠨ ᠳᠤ ᠵᠤᠭᠠᠴᠠᠭᠰᠠᠳ ᠢ 2.3 ᠲᠦᠮᠡᠨ ᠬᠥᠮᠥᠨ ᠬᠦᠯᠢᠶᠡᠨ ᠠᠪᠴᠤ᠂ ᠵᠤᠭᠠᠴᠠᠯ ᠤᠨ ᠣᠷᠣᠯᠭ᠎ᠠ 2200 ᠲᠦᠮᠡᠨ ᠲᠥᠭᠦᠷᠢᠭ ᠲᠤ ᠬᠦᠷᠴᠡᠢ᠃ ᠲᠠᠪᠤᠨ ᠰᠠᠷ᠎ᠠ ᠶᠢᠨ ᠨᠢᠭᠡᠨ ᠤ ᠵᠢᠭᠤᠯᠴᠢᠯᠠᠯ ᠤᠨ ᠰᠠᠶᠢᠨ ᠡᠬᠢᠯᠡᠯᠲᠡ ᠶᠢ ᠪᠡᠶᠡᠯᠡᠭᠦᠯᠪᠡ᠃                  ᠵᠣᠬᠢᠶᠠᠭᠴᠢ᠄ ᠴᠢᠮᠡᠭᠡᠯᠡᠭᠴᠢ᠄ ᠰᠦᠨ ᠯᠢ ᠨᠠ᠂ ᠸᠠᠩ ᠱᠦ ᠸᠧᠨ                  ᠤᠷᠴᠢᠭᠤᠯᠤᠭᠴᠢ᠄ ᠰᠤᠷᠤᠨ᠎ᠠ                  ᠬᠢᠨᠠᠭᠴᠢ᠄ ᠡᠷᠳᠡᠨᠢᠴᠢᠮᠡᠭ
 
ᠢᠷᠡᠯᠲᠡ᠄ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号