ᠰᠢᠨᠬᠤᠸᠠ ᠬᠤᠷᠢᠶᠠᠨ ᠤ ᠱᠧᠨᠶᠠᠩ ᠤᠨ 7 ᠰᠠᠷ᠎ᠠ ᠶᠢᠨ 30 ᠤ ᠡᠳᠦᠷ ᠤᠨ ᠮᠡᠳᠡᠭᠡ ︵ᠰᠤᠷᠪᠤᠯᠵᠢᠯᠠᠭᠴᠢ | ᠭᠤᠸ ᠱᠤᠸᠠᠩ︶ ᠵᠣᠨ ᠤ ᠠᠮᠠᠷᠠᠯᠲᠠ ᠶᠢᠨ ᠬᠤᠭᠤᠴᠠᠭᠠᠨ ᠳᠤ᠂ ᠤᠮᠪᠠᠯᠲᠠ ᠶᠢᠨ ᠲᠠᠲᠠᠭᠠᠯ᠂ ᠤᠰᠤᠨ ᠳᠡᠭᠡᠷᠡᠬᠢ | ᠴᠡᠩᠭᠡᠯ ᠤᠨ ᠬᠦᠷᠢᠶᠡᠯᠡᠩ ᠵᠡᠷᠭᠡ ᠭᠠᠵᠠᠷ ᠨᠢ ᠴᠥᠭᠡᠨ ᠪᠤᠰᠤ ᠬᠥᠮᠥᠰ ᠤᠨ ᠰᠡᠷᠢᠭᠦᠴᠡᠵᠦ ᠨᠠᠭᠠᠳᠬᠤ ᠭᠠᠵᠠᠷ | ᠪᠣᠯᠤᠭᠰᠠᠨ ᠪᠠᠶᠢᠨ᠎ᠠ᠃【ᠣᠶᠢᠷ᠎ᠠ ᠳᠤ ᠡᠮᠴᠢᠯᠡᠭᠦᠯᠬᠦ ᠪᠠᠷ ᠢᠷᠡᠭᠰᠡᠨ︿ᠨᠢᠳᠦ ᠤᠯᠠᠶᠢᠬᠤ ᠡᠪᠡᠳᠴᠢᠨ﹀ ᠤ ᠡᠪᠡᠳᠴᠢᠲᠡᠨ | ᠢᠯᠡᠳᠲᠡ ᠣᠯᠠᠰᠢᠷᠠᠵᠤ᠂ ᠮᠠᠰᠢ ᠣᠯᠠᠨ ᠡᠪᠡᠳᠴᠢᠲᠡᠨ ᠡᠪᠡᠳᠴᠢᠯᠡᠬᠦ ᠠᠴᠠ ᠪᠠᠨ ᠡᠮᠦᠨ᠎ᠡ ᠤᠰᠤᠨ ᠳᠤ ᠤᠮᠪᠠᠭ᠋ᠤ᠂ | ᠤᠰᠤᠨ ᠳᠡᠭᠡᠷᠡᠬᠢ ᠴᠡᠩᠭᠡᠯ ᠤᠨ ᠬᠦᠷᠢᠶᠡᠯᠡᠩ ᠳᠤ ᠣᠴᠢᠵᠤ ᠵᠤᠭᠠᠴᠠᠭᠰᠠᠨ ᠪᠤᠶᠤ ᠬᠡᠭᠡᠷ᠎ᠡ ᠭᠠᠳᠠᠨ᠎ᠠ ᠬᠡᠰᠦᠵᠦ | ᠶᠠᠪᠤᠭᠰᠠᠨ ᠥᠩᠭᠡᠷᠡᠯᠲᠡ ᠲᠠᠢ ᠪᠠᠶᠢᠬᠤ ᠶᠢ ᠠᠰᠠᠭᠤᠨ ᠯᠠᠪᠯᠠᠭᠰᠠᠨ ᠤ ᠲᠡᠦᠬᠡ ᠪᠠᠷ ᠣᠯᠵᠤ ᠮᠡᠳᠡᠭᠰᠡᠨ ᠪᠠᠶᠢᠨ᠎ᠠ᠃】 | ᠭᠡᠵᠦ ᠯᠢᠶᠣᠤᠨᠢᠩ ᠮᠤᠵᠢ ᠶᠢᠨ ᠮᠦᠭᠳᠡᠨ ᠬᠤᠳᠠ ᠶᠢᠨ ᠳᠥᠷᠪᠡᠳᠦᠭᠡᠷ ᠠᠷᠠᠳ ᠤᠨ ᠡᠮᠨᠡᠯᠭᠡ ᠶᠢᠨ ᠬᠤᠷᠢᠶᠠᠨ ᠤ | ᠴᠠᠭᠠᠨ ᠬᠠᠷᠠᠩ ᠤᠨ ᠨᠢᠭᠡᠳᠦᠭᠡᠷ ᠰᠠᠯᠠᠭᠠᠨ ᠤ ᠳᠡᠳ᠋ ᠡᠷᠬᠢᠯᠡᠭᠴᠢ ᠡᠮᠴᠢ ᠯᠢᠦ ᠬᠤᠩ ᠠᠨ ᠢᠯᠡᠳᠬᠡᠪᠡ᠃ | ︽ᠨᠢᠳᠦ ᠤᠯᠠᠶᠢᠬᠤ ᠡᠪᠡᠳᠴᠢᠨ︾ ᠭᠡᠳᠡᠭ ᠨᠢ ᠶᠡᠷᠦ ᠳᠡᠭᠡᠨ ᠲᠠᠬᠤᠯ ᠤᠨ ᠴᠢᠨᠠᠷᠲᠠᠢ ᠴᠢᠰᠤ ᠭᠠᠷᠬᠤ | ᠴᠢᠨᠠᠷᠲᠠᠢ ᠨᠡᠶᠢᠯᠡᠮᠡᠯ ᠪᠦᠷᠬᠦᠪᠴᠢ ᠶᠢᠨ ᠦᠷᠪᠢᠰᠦᠯ ᠢ ᠵᠢᠭᠠᠵᠤ ᠪᠠᠶᠢᠨ᠎ᠠ᠂ ᠡᠪᠡᠳᠴᠢᠨ ᠤ ᠰᠢᠯᠲᠠᠭᠠᠨ ᠢ ᠭᠤᠣᠯᠳᠠᠭᠤ | ᠸᠢᠷᠦ᠋ᠰ ᠤᠨ ᠴᠢᠨᠠᠷᠲᠠᠢ᠂ ᠪᠠᠺᠲ᠋ᠧᠷᠢ ᠶᠢᠨ ᠴᠢᠨᠠᠷᠲᠠᠢ᠂ ᠬᠠᠷᠰᠢᠮᠠᠲᠠᠭᠠᠢ ᠴᠢᠨᠠᠷᠲᠠᠢ ᠭᠡᠵᠦ ᠬᠤᠪᠢᠶᠠᠨ᠎ᠠ᠂ ᠣᠳᠣᠬᠢ | ᠱᠠᠲᠤᠨ ᠳᠤ ᠪᠠᠺᠲ᠋ᠧᠷᠢ ᠶᠢᠨ ᠴᠢᠨᠠᠷᠲᠠᠢ ᠪᠠ ᠸᠢᠷᠦ᠋ᠰ ᠤᠨ ᠴᠢᠨᠠᠷᠲᠠᠢ ᠪᠠᠶᠢᠳᠠᠭ᠃ᠭᠤᠣᠯ ᠢᠯᠡᠷᠡᠯ ᠨᠢ ᠨᠢᠳᠦ ᠬᠠᠲᠠᠬᠤ᠂ | ᠰᠢᠭᠦᠷᠡᠳᠡᠰᠦ ᠠᠷᠪᠢᠳᠬᠤ᠂ ᠤᠯᠠᠶᠢᠬᠤ᠂ ᠡᠪᠡᠳᠬᠦ᠂ ᠵᠠᠭᠠᠲᠤᠨᠠᠬᠤ᠃ᠲᠦᠷᠭᠡᠨ ᠴᠢᠨᠠᠷᠲᠠᠢ ᠪᠠᠶᠢᠳᠠᠯ ᠳᠣᠣᠷ᠎ᠠ ᠡᠪᠡᠳᠴᠢᠨ ᠤ | ᠶᠠᠪᠤᠴᠠ ᠨᠢ ᠶᠡᠷᠦ ᠳᠡᠭᠡᠨ 7-10 ᠡᠳᠦᠷ ᠣᠷᠴᠢᠮ ᠪᠠᠶᠢᠵᠤ᠂ ᠳᠡᠳ᠋ ᠲᠦᠷᠭᠡᠨ ᠴᠢᠨᠠᠷᠲᠠᠢ ᠪᠠᠶᠢᠳᠠᠯ ᠳᠣᠣᠷ᠎ᠠ ᠨᠢᠭᠡ | ᠰᠠᠷ᠎ᠠ ᠣᠷᠴᠢᠮ ᠦᠷᠭᠦᠯᠵᠢᠯᠡᠵᠦ ᠮᠡᠳᠡᠨ᠎ᠡ᠃︽ᠨᠢᠳᠦ ᠤᠯᠠᠶᠢᠬᠤ ᠡᠪᠡᠳᠴᠢᠨ︾ ᠨᠢ ᠶᠡᠷᠦ ᠳᠡᠭᠡᠨ ᠨᠢᠳᠦᠨ ᠤ | ᠥᠨᠢᠳᠡ ᠶᠢᠨ ᠴᠢᠨᠠᠷᠲᠠᠢ ᠭᠡᠮᠲᠦᠯ ᠢ ᠡᠭᠦᠰᠬᠡᠬᠦ ᠦᠭᠡᠢ᠂ ᠭᠡᠪᠡᠴᠦ ᠬᠡᠷᠪᠡ ᠵᠣᠬᠢᠰᠲᠠᠢ ᠵᠠᠰᠠᠭᠰᠠᠨ ᠦᠭᠡᠢ ᠪᠣᠯ ᠡᠪᠡᠷᠯᠢᠭ | ᠪᠦᠷᠬᠦᠪᠴᠢ ᠶᠢᠨ ᠡᠪᠡᠳᠴᠢᠨ ᠤ ᠬᠤᠪᠢᠷᠠᠯᠲᠠ ᠶᠢ ᠡᠭᠦᠰᠬᠡᠵᠦ᠂ ᠡᠭᠦᠨ ᠤ ᠤᠯᠠᠮ ᠠᠴᠠ ᠥᠨᠢᠳᠡ ᠶᠢᠨ ᠴᠢᠨᠠᠷᠲᠠᠢ | ᠬᠠᠷᠠᠭ᠎ᠠ ᠶᠢ ᠮᠠᠭᠤᠳᠠᠭᠤᠯᠵᠤ ᠮᠡᠳᠡᠨ᠎ᠡ᠃ | ︽ᠡᠮ ᠬᠡᠷᠡᠭᠯᠡᠭᠰᠡᠨ ᠨᠢ ᠵᠣᠬᠢᠰ ᠦᠭᠡᠢ ᠠᠴᠠ ᠪᠣᠯᠵᠤ ᠨᠢᠳᠦ ᠶᠢ ᠭᠡᠮᠲᠦᠭᠡᠬᠦ ᠠᠴᠠ ᠰᠡᠷᠭᠡᠶᠢᠯᠡᠬᠦ ᠶᠢᠨ | ᠲᠤᠯᠠᠳᠠ︿ᠨᠢᠳᠦ ᠤᠯᠠᠶᠢᠬᠤ ᠡᠪᠡᠳᠴᠢᠨ﹀ ᠢ ᠭᠤᠣᠯᠳᠠᠭᠤ ᠡᠮ ᠢᠶᠠᠷ ᠵᠠᠰᠠᠳᠠᠭ ᠤᠴᠢᠷ ᠠᠴᠠ︿ᠨᠢᠳᠦ ᠤᠯᠠᠶᠢᠬᠤ | ᠡᠪᠡᠳᠴᠢᠨ﹀ ᠢ ᠭᠤᠣᠯᠳᠠᠭᠤ ᠡᠮ ᠢᠶᠠᠷ ᠵᠠᠰᠠᠳᠠᠭ ᠪᠣᠯᠬᠤᠷ ᠡᠪᠡᠳᠴᠢᠲᠡᠨ ᠥᠪᠡᠷ ᠢᠶᠠᠨ ᠡᠮ ᠬᠡᠷᠡᠭᠯᠡᠪᠡᠯ ᠡᠪᠡᠳᠴᠢᠨ ᠤ | ᠪᠠᠶᠢᠳᠠᠯ ᠢ ᠰᠠᠭᠠᠲᠠᠭᠠᠵᠤ ᠮᠡᠳᠡᠨ᠎ᠡ︾ ᠭᠡᠵᠦ ᠴᠠᠭ ᠲᠤᠬᠠᠢ ᠳᠤᠨᠢ ᠡᠮᠨᠡᠯᠭᠡ ᠳᠤ ᠣᠴᠢᠵᠤ ᠡᠮᠨᠡᠭᠦᠯᠬᠦ ᠶᠢ ᠰᠠᠨᠠᠭᠤᠯᠤᠶ᠎ᠠ᠄︽ | ᠨᠢᠳᠦ ᠤᠯᠠᠶᠢᠬᠤ ᠡᠪᠡᠳᠴᠢᠨ︾ ᠪᠠ ᠰᠣᠯᠣᠩᠭᠠᠨ ᠪᠦᠷᠬᠦᠪᠴᠢ ᠶᠢᠨ ᠦᠷᠪᠢᠰᠦᠯ ᠵᠡᠷᠭᠡ ᠡᠪᠡᠳᠴᠢᠨ ᠤ ᠰᠢᠨᠵᠢ | ᠲᠡᠮᠳᠡᠭ ᠨᠢ ᠠᠳᠠᠯᠢᠪᠲᠤᠷ ᠪᠠᠶᠢᠳᠠᠭ᠃ ᠭᠡᠵᠦ ᠯᠢᠦ ᠬᠤᠩ ᠠᠨ ᠬᠡᠯᠡᠪᠡ᠃ | ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ︽ᠨᠢᠳᠦ ᠤᠯᠠᠶᠢᠬᠤ ᠡᠪᠡᠳᠴᠢᠨ︾ | ᠬᠠᠯᠳᠠᠪᠤᠷᠢᠯᠠᠬᠤ ᠠᠴᠠ ᠰᠡᠷᠭᠡᠶᠢᠯᠡᠬᠦ ᠶᠢᠨ ᠲᠥᠯᠥᠭᠡ᠂ ᠬᠤᠲᠠ ᠶᠢᠨ ᠠᠷᠠᠳ ᠤᠰᠤᠨ ᠳᠡᠭᠡᠷᠡᠬᠢ ᠵᠤᠭ᠎ᠠ ᠴᠡᠩᠭᠡᠯ | ᠬᠢᠬᠦ ᠠᠴᠠ ᠪᠠᠨ ᠡᠮᠦᠨ᠎ᠡ ᠰᠠᠶᠢᠲᠤᠷ ᠰᠡᠷᠭᠡᠶᠢᠯᠡᠨ ᠬᠠᠮᠠᠭᠠᠯᠠᠬᠤ ᠪᠠ ᠲᠤᠰᠠᠭᠠᠷᠯᠠᠬᠤ ᠬᠡᠷᠡᠭᠲᠡᠢ᠂ ᠵᠢᠱᠢᠶᠡᠯᠡᠪᠡᠯ ᠨᠢᠳᠦ | ᠬᠠᠮᠠᠭᠠᠯᠠᠬᠤ ᠰᠢᠯ ᠵᠡᠭᠦᠵᠦ᠂ ᠴᠡᠪᠡᠷ ᠪᠤᠰᠤ ᠤᠰᠤᠨ ᠰᠤᠷᠪᠤᠯᠵᠢ ᠲᠠᠢ ᠨᠢᠳᠦ ᠬᠦᠷᠦᠯᠴᠡᠬᠦ ᠠᠴᠠ ᠵᠠᠶᠢᠯᠠᠰᠬᠢᠬᠦ | ᠬᠡᠷᠡᠭᠲᠡᠢ᠃ᠡᠭᠦᠨ ᠠᠴᠠ ᠭᠠᠳᠠᠨ᠎ᠠ᠂ ︽ᠨᠢᠳᠦ ᠤᠯᠠᠶᠢᠬᠤ ᠡᠪᠡᠳᠴᠢᠨ︾ ᠬᠠᠯᠳᠠᠪᠤᠷᠢᠯᠠᠬᠤ ᠪᠣᠯᠣᠯᠴᠠᠭ᠎ᠠ ᠲᠠᠢ᠂ ᠬᠡᠷᠪᠡ | ᠭᠡᠷ ᠲᠡᠭᠡᠨ ᠨᠢᠭᠡᠨᠲᠡ ᠡᠪᠡᠳᠴᠢᠯᠡᠭᠰᠡᠨ ᠬᠥᠮᠥᠨ ᠪᠠᠶᠢᠪᠠᠯ᠂ ᠪᠤᠰᠤᠳ ᠬᠥᠮᠥᠨ ᠭᠠᠷ ᠤᠨ ᠬᠡᠰᠡᠭ ᠤᠨ ᠠᠷᠢᠭᠤᠨ | ᠴᠡᠪᠡᠷ ᠢ ᠠᠩᠬᠠᠷᠴᠤ᠂ ᠨᠢᠳᠦ ᠪᠠᠨ ᠨᠤᠬᠤᠯᠠᠬᠤ ᠦᠭᠡᠢ ᠪᠠᠶᠢᠵᠤ᠂ ᠡᠪᠡᠳᠴᠢᠲᠡᠨ ᠲᠠᠢ ᠠᠯᠴᠢᠭᠤᠷ ᠵᠡᠷᠭᠡ ᠠᠮᠢᠳᠤᠷᠠᠯ ᠤᠨ | ᠬᠡᠷᠡᠭᠰᠡᠯ ᠢ ᠬᠠᠮᠲᠤ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠢ᠃ | ︽ᠬᠠᠷᠢᠭᠤᠴᠠᠯᠭᠠᠲᠤ ᠨᠠᠶᠢᠷᠠᠭᠤᠯᠤᠭᠴᠢ᠄ ᠰᠦᠨ ᠬᠤᠢ︾ | | |