【ᠪᠢ ᠣᠯᠠᠨ ᠲᠦᠮᠡᠨ ᠳᠤ ᠪᠣᠳᠠᠲᠠᠶ ᠠᠵᠢᠯ ᠬᠢᠵᠦ ᠥᠭᠭᠦᠶ᠎ᠡ】ᠬᠤᠩᠬᠢᠯᠳᠦ ᠪᠠᠯᠭᠠᠰᠤᠨ ᠤ ᠲᠣᠮᠢᠯᠠᠭᠰᠠᠨ ᠰᠠᠯᠪᠤᠷᠢ᠄ ᠣᠯᠠᠨ ᠲᠦᠮᠡᠨ ᠤ ᠠᠰᠢᠭ ᠲᠤᠰᠠ ᠳᠤ ᠪᠠᠭ᠎ᠠ ᠤᠴᠢᠷ ᠭᠡᠵᠦ ᠥᠬᠡᠶ᠂ ᠠᠷᠠᠳ ᠤᠨ ᠴᠠᠭᠳᠠᠭ᠎ᠠ ᠲᠡᠳᠡᠨ ᠳᠤ ︽ᠭᠡᠭᠡᠭᠰᠡᠨ︾ ᠴᠠᠬᠢᠯᠭᠠᠨ ᠲᠡᠷᠭᠡ ᠶᠢ ᠨᠢ ᠡᠷᠢᠵᠦ ᠣᠯᠵᠦ ᠦᠭᠭᠦᠪᠡ
ᠨᠡᠶᠢᠲᠡᠯᠡᠭᠰᠡᠨ ᠴᠠᠭ᠄
2021/10/29
【ᠪᠢ ᠣᠯᠠᠨ ᠲᠦᠮᠡᠨ ᠳᠤ ᠪᠣᠳᠠᠲᠠᠶ ᠠᠵᠢᠯ ᠬᠢᠵᠦ ᠥᠭᠭᠦᠶ᠎ᠡ】ᠬᠤᠩᠬᠢᠯᠳᠦ ᠪᠠᠯᠭᠠᠰᠤᠨ ᠤ ᠲᠣᠮᠢᠯᠠᠭᠰᠠᠨ ᠰᠠᠯᠪᠤᠷᠢ᠄ ᠣᠯᠠᠨ ᠲᠦᠮᠡᠨ ᠤ ᠠᠰᠢᠭ ᠲᠤᠰᠠ ᠳᠤ ᠪᠠᠭ᠎ᠠ ᠤᠴᠢᠷ ᠭᠡᠵᠦ ᠥᠬᠡᠶ᠂ ᠠᠷᠠᠳ ᠤᠨ ᠴᠠᠭᠳᠠᠭ᠎ᠠ ᠲᠡᠳᠡᠨ ᠳᠤ ︽ᠭᠡᠭᠡᠭᠰᠡᠨ︾ ᠴᠠᠬᠢᠯᠭᠠᠨ ᠲᠡᠷᠭᠡ ᠶᠢ ᠨᠢ ᠡᠷᠢᠵᠦ ᠣᠯᠵᠦ ᠦᠭᠭᠦᠪᠡ      ᠤᠯᠠᠨ ᠲᠦᠮᠡᠨ ᠤ ᠬᠦᠴᠢᠷ ᠵᠣᠪᠠᠭᠤᠷᠢ ᠶᠢ ᠣᠶᠢᠯᠠᠭᠠᠵᠤ᠂ ᠤᠯᠠᠨ ᠲᠦᠮᠡᠨ ᠤ ᠬᠡᠷᠡᠭᠴᠡᠭᠡ ᠱᠠᠭᠠᠷᠳᠠᠯᠭ᠎ᠠ ᠶᠢ ᠰᠢᠢᠳᠪᠦᠷᠢᠯᠡᠵᠦ᠂ ᠬᠤᠩᠬᠢᠯᠳᠦ ᠲᠣᠮᠢᠯᠠᠭᠰᠠᠨ ᠰᠠᠯᠪᠤᠷᠢ ᠶᠢᠨ ᠬᠢᠨ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠵᠤ᠂ ︽ᠠᠷᠠᠳ ᠲᠦᠮᠡᠨ ᠢᠶᠠᠷ ᠭᠤᠣᠯ ᠪᠣᠯᠭᠠᠬᠤ︾ ᠤᠢᠢᠯᠠᠭᠠᠭᠳᠠᠬᠤᠨ ᠢ ᠪᠠᠲᠤ ᠪᠤᠢ ᠪᠣᠯᠭᠠᠵᠤ᠂ ᠠᠷᠠᠳ ᠤᠨ ᠲᠥᠯᠥᠭᠡ ᠪᠣᠳᠠᠲᠠᠢ ᠶᠠᠪᠤᠳᠠᠯ ᠬᠢᠵᠦ᠂ ᠠᠷᠠᠳ ᠤᠨ ᠵᠣᠪᠠᠨᠢᠯ ᠢ ᠰᠢᠢᠳᠪᠦᠷᠢᠯᠡᠵᠦ᠂ ︽ᠪᠢ ᠤᠯᠠᠨ ᠲᠦᠮᠡᠨ ᠳᠤ ᠪᠣᠳᠠᠲᠠᠢ ᠶᠠᠪᠤᠳᠠᠯ ᠬᠢᠵᠦ ᠥᠭᠬᠦ︾ ᠶᠢ ᠭᠦᠨᠵᠡᠭᠡᠢ ᠪᠣᠳᠠᠲᠠᠢ ᠪᠠᠷ ᠠᠷᠠᠳ ᠤᠨ ᠰᠡᠳᠬᠢᠯ ᠳᠤ ᠭᠦᠨᠵᠡᠭᠡᠶᠢᠷᠡᠭᠦᠯᠦᠨ ᠪᠣᠳᠠᠲᠠᠢ ᠪᠠᠷ ᠭᠦᠨᠵᠡᠭᠡᠶᠢᠷᠡᠭᠦᠯᠦᠨ ᠠᠷᠠᠳ ᠤᠨ ᠰᠡᠳᠬᠢᠯ ᠳᠤ ᠬᠠᠳᠠᠩᠰᠢᠭᠤᠯᠵᠤ᠂ ︽ᠳᠤᠯᠠᠭᠠᠴᠠᠭᠤᠯᠬᠤ᠂ ᠦᠢᠯᠡᠴᠢᠯᠡᠬᠦ᠂ ᠬᠠᠪᠰᠤᠷᠤᠨ ᠲᠡᠳᠬᠦᠬᠦ︾ ᠶᠢ ᠬᠡᠷ ᠲᠤᠨᠢ ᠬᠦᠷᠭᠡᠬᠦ ᠶᠢ ᠪᠠᠷᠢᠮᠲᠠᠯᠠᠵᠤ᠂ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠣᠯ ᠵᠢᠷᠭᠠᠯ ᠤᠨ ᠲᠦᠷᠦᠭᠳᠡᠯ ᠢ ᠲᠠᠰᠤᠷᠠᠯᠳᠠ ᠦᠭᠡᠢ ᠨᠡᠮᠡᠭᠳᠡᠭᠦᠯᠬᠦ ᠬᠡᠷᠡᠭᠲᠡᠢ ᠭᠡᠵᠦ ᠵᠢᠭᠠᠵᠤ ᠭᠠᠷᠭᠠᠪᠠ᠃      2021 ᠣᠨ ᠤ 10 ᠰᠠᠷ᠎ᠠ ᠶᠢᠨ 22 ᠤ ᠡᠳᠦᠷ ᠤᠨ ᠥᠷᠯᠥᠭᠡ ᠶᠢᠨ 1 ᠴᠠᠭ ᠤᠨ ᠦᠶ᠎ᠡ ᠪᠠᠷ᠂ ᠬᠤᠩᠬᠢᠯᠳᠦ ᠲᠣᠮᠢᠯᠠᠭᠰᠠᠨ ᠰᠠᠯᠪᠤᠷᠢ ᠵᠢᠯᠣᠭᠤᠳᠬᠤ ᠲᠥᠪ ᠤᠨ ᠵᠢᠭᠠᠪᠤᠷᠢ ᠶᠢ ᠲᠤᠰᠪᠠ᠄ ᠬᠤᠩᠬᠢᠯᠳᠦ ᠪᠠᠯᠭᠠᠰᠤᠨ ᠤ ᠪᠠᠷᠠᠭᠤᠨ ᠵᠣᠯ ᠵᠢᠷᠭᠠᠯᠳᠦ ᠬᠦᠷᠢᠶᠡᠯᠡᠩ ᠤᠨ ᠵᠠᠷᠢᠮ ᠬᠥᠮᠦᠨ ᠴᠠᠬᠢᠯᠭᠠᠨ ᠲᠡᠷᠭᠡ ᠢᠶᠠᠨ ︽ᠭᠡᠭᠡᠪᠡ︾᠂ ᠴᠠᠭᠳᠠᠭ᠎ᠠ ᠶᠢ ᠲᠤᠰᠤᠭᠰᠠᠨ ᠤ ᠳᠠᠷᠠᠭ᠎ᠠ ᠮᠠᠨ ᠤ ᠭᠠᠵᠠᠷ ᠤᠨ ᠠᠷᠠᠳ ᠤᠨ ᠴᠠᠭᠳᠠᠭ᠎ᠠ ᠳᠠᠷᠦ᠋ᠢᠬᠠᠨ ᠴᠠᠭᠳᠠᠭ᠎ᠠ ᠳᠤ ᠭᠠᠷᠪᠠ᠃
     ᠴᠠᠭᠳᠠᠭ᠎ᠠ ᠳᠤ ᠮᠡᠳᠡᠭᠦᠯᠦᠭᠰᠡᠨ ᠯᠢᠦᠢ ᠣᠪᠣᠭᠲᠤ ᠶᠢ ᠡᠷᠢᠵᠦ ᠤᠯᠬᠤ ᠦᠶ᠎ᠡ ᠳᠤ ᠲᠡᠷᠡ ᠨᠢᠭᠡᠨᠲᠡ ᠰᠣᠭᠲᠣᠭᠠᠳ ᠦᠭᠡ ᠬᠡᠯᠡᠬᠦ ᠨᠢ ᠲᠣᠳᠣᠷᠬᠠᠶ ᠦᠭᠡᠶ ᠪᠠᠶᠢᠪᠠ᠂ ᠮᠠᠨ ᠤ ᠭᠠᠵᠠᠷ ᠤᠨ ᠴᠠᠭᠳᠠᠭ᠎ᠠ ᠯᠢᠦᠶ ᠣᠪᠣᠭᠲᠤ ᠠᠴᠠ ᠬᠦᠯᠢᠴᠡᠩᠭᠦᠶ ᠪᠠᠷ ᠠᠰᠠᠭᠤᠭᠰᠠᠨ ᠳᠤ᠂ ᠯᠢᠦᠶ ᠣᠪᠣᠭᠲᠤ ᠥᠪᠡᠷ ᠢ ᠪᠠᠨ ᠣᠷᠣᠶ ᠠᠷᠢᠬᠢ ᠤᠤᠭᠤᠵᠤ ᠪᠠᠷᠠᠭᠠᠳ ᠲᠡᠷᠭᠡ ᠪᠠᠨ ᠵᠢᠯᠣᠭᠤᠳᠤᠭᠠᠳ ᠭᠠᠷᠴᠢᠬᠠᠵᠠᠶ᠂ ᠡᠴᠦᠰ ᠲᠡᠭᠡᠨ ᠲᠡᠷᠭᠡ ᠪᠠᠨ ᠡᠷᠢᠵᠦ ᠤᠯᠬᠤ ᠦᠭᠡᠶ ᠪᠣᠯᠵᠠᠶ ᠂ ᠲᠡᠷᠭᠡᠨ ᠤ ᠲᠦᠯᠬᠢᠭᠦᠷ ᠢ ᠴᠦ ᠴᠠᠬᠢᠯᠭᠠᠨ ᠲᠡᠷᠭᠡᠨ ᠳᠡᠭᠡᠷ᠎ᠡ ᠰᠠᠭᠤᠯᠭᠠᠵᠠᠶ᠂ ᠰᠢᠨ᠎ᠡ ᠠᠪᠤᠭᠰᠠᠨ ᠴᠠᠬᠢᠯᠭᠠᠨ ᠲᠡᠷᠭᠡ ᠪᠣᠯᠬᠤᠷ ᠥᠪᠡᠷ ᠢᠶᠠᠨ ᠲᠦᠢᠯ ᠢᠶᠠᠷ ᠰᠠᠨᠳᠤᠷᠴᠤ ᠪᠠᠶᠢᠭᠰᠠᠨ ᠪᠣᠯᠪᠠᠴᠤ ᠥᠪᠡᠷ ᠢᠶᠠᠨ ᠰᠣᠭᠲᠣᠭᠠᠳ ᠶᠠᠭᠤ ᠴᠤ ᠴᠡᠭᠡᠵᠢᠯᠡᠵᠦ ᠪᠠᠶᠢᠬᠤ ᠦᠭᠡᠶ᠃ ᠮᠠᠨ ᠤ ᠭᠠᠵᠠᠷ ᠤᠨ ᠴᠠᠭᠳᠠᠭ᠎ᠠ ᠡᠭᠦᠨ ᠢ ᠣᠶᠢᠯᠠᠭᠠᠭᠰᠠᠨ ᠤ ᠳᠠᠷᠠᠭ᠎ᠠ ᠯᠢᠦᠶ ᠣᠪᠣᠭᠲᠤ ᠶᠢ ᠲᠥᠪᠬᠢᠨᠡᠭᠦᠯᠦᠨ ᠤᠨᠲᠠᠭᠤᠯᠵᠤ᠂ ᠲᠦᠯᠬᠢᠭᠦᠷ ᠢᠶᠠᠨ ᠲᠡᠷᠭᠡᠨ ᠳᠡᠭᠡᠷ᠎ᠡ ᠲᠠᠯᠪᠢᠭᠠᠳ ᠪᠤᠰᠤᠳ ᠢ ᠵᠢᠯᠣᠭᠤᠳᠤᠭᠤᠯᠬᠤ ᠠᠴᠠ ᠰᠡᠷᠭᠡᠶᠢᠯᠡᠬᠦ ᠶᠢᠨ ᠲᠥᠯᠥᠭᠡ᠂ ᠲᠡᠭᠡᠭᠡᠳ ᠲᠡᠭᠦᠨ ᠤ ︽ᠭᠡᠭᠡᠭᠳᠡᠭᠰᠡᠨ︾ ᠴᠠᠬᠢᠯᠭᠠᠨ ᠲᠡᠷᠭᠡ ᠶᠢ ᠡᠷᠢᠬᠦ ᠪᠠᠷ ᠭᠠᠷᠴᠤ᠂ ᠮᠠᠨ ᠤ ᠭᠠᠵᠠᠷ ᠤᠨ ᠴᠠᠭᠳᠠᠭ᠎ᠠ ᠨᠠᠨ ᠡᠯ ᠬᠠᠶ ᠨᠡᠶᠢᠭᠡᠮ ᠲᠣᠭᠤᠷᠢᠭ ᠤᠨ ᠵᠡᠭᠡᠯᠢ ᠪᠣᠯᠭᠠᠨ ᠢᠶᠠᠷ ᠶᠠᠪᠤᠵᠤ᠂ ᠡᠴᠦᠰ ᠲᠡᠭᠡᠨ ᠥᠷᠯᠥᠭᠡ ᠶᠢᠨ 4 ᠴᠠᠭ ᠤᠨ ᠦᠶ᠎ᠡ ᠪᠠᠷ ᠯᠢᠦᠶ ᠣᠪᠣᠭᠲᠤ ᠶᠢᠨ ︽ᠭᠡᠭᠡᠭᠰᠡᠨ ︾ ᠴᠠᠬᠢᠯᠭᠠᠨ ᠲᠡᠷᠭᠡ ᠶᠢ ᠨᠠᠨ ᠡᠯ ᠬᠠᠶ ᠨᠡᠶᠢᠭᠡᠮ ᠲᠣᠭᠤᠷᠢᠭ ᠤᠨ ᠳᠥᠷᠪᠡᠳᠦᠭᠡᠷ ᠠᠩᠭᠢ ᠶᠢᠨ ᠨᠢᠭᠡᠨ ᠭᠤᠳᠤᠮᠵᠢ ᠠᠴᠠ ᠡᠷᠢᠵᠦ ᠣᠯᠵᠠᠶ᠃ ᠥᠷᠯᠥᠭᠡ ᠶᠢᠨ 7 ᠴᠠᠭ ᠤᠨ ᠦᠶ᠎ᠡ ᠪᠠᠷ ᠯᠢᠦᠶ ᠣᠪᠣᠭᠲᠤ ᠴᠠᠬᠢᠯᠭᠠᠨ ᠲᠡᠷᠭᠡ ᠪᠠᠨ ᠭᠡᠭᠡᠭᠡᠳ ᠰᠠᠨᠳᠤᠷᠬᠤ ᠠᠴᠠ ᠪᠣᠯᠭᠤᠮᠵᠢᠯᠠᠵᠤ᠂ ᠲᠡᠭᠦᠨ ᠢ ᠡᠷᠲᠡᠬᠡᠨ ᠬᠤᠩᠬᠢᠯᠳᠦ ᠲᠣᠮᠢᠯᠠᠭᠰᠠᠨ ᠰᠠᠯᠪᠤᠷᠢ ᠳᠤ ᠣᠴᠢᠭᠤᠯᠵᠤ ᠴᠠᠬᠢᠯᠭᠠᠨ ᠲᠡᠷᠭᠡ ᠪᠠᠨ ᠠᠪᠤᠭᠤᠯᠵᠠᠶ᠂ ᠯᠢᠦᠶ ᠣᠪᠣᠭᠲᠤ ᠥᠪᠡᠷ ᠤᠨ ᠴᠠᠬᠢᠯᠭᠠᠨ ᠲᠡᠷᠭᠡ ᠪᠠᠨ ᠣᠯᠣᠭᠰᠡᠨ ᠳᠤ ᠪᠠᠨ ᠶᠡᠭᠡ ᠪᠠᠷ ᠪᠠᠶᠠᠷᠯᠡᠵᠦ᠂ ᠴᠠᠭᠳᠠᠭ᠎ᠠ ᠶᠢᠨ ᠨᠠᠷᠢᠨ ᠬᠢᠨᠠᠮᠠᠭᠠᠶ ᠬᠠᠷᠢᠭᠤᠴᠠᠵᠤ᠂ ᠡᠭᠦᠷᠭᠡ ᠬᠠᠷᠢᠭᠤᠴᠠᠯᠭ᠎ᠠ ᠪᠠᠨ ᠰᠠᠶᠢᠲᠤᠷ ᠭᠦᠢᠴᠡᠳᠭᠡᠬᠦ ᠵᠣᠷᠢᠭ ᠰᠠᠨᠠᠭ᠎ᠠ ᠶᠢ ᠮᠠᠭᠲᠠᠨ ᠰᠠᠶᠢᠰᠢᠶᠠᠵᠠᠶ᠃      ᠠᠷᠠᠳ ᠲᠦᠮᠡᠨ ᠳᠤ ᠦᠢᠯᠡᠴᠢᠯᠡᠬᠦ ᠪᠣᠯ ᠢᠮᠠᠭᠲᠠ ᠠᠷᠠᠳ ᠤᠨ ᠴᠠᠭᠳᠠᠭ᠎ᠠ ᠶᠢᠨ ᠵᠣᠷᠢᠯᠲᠠ ᠮᠥᠨ᠂ ᠬᠤᠩᠬᠢᠯᠳᠦ ᠲᠣᠮᠢᠯᠠᠭᠰᠠᠨ ᠰᠠᠯᠪᠤᠷᠢ ᠶᠢᠨ ᠬᠢᠨ ᠠᠷᠠᠳ ᠤᠨ ᠲᠥᠯᠥᠭᠡ ᠪᠣᠳᠠᠲᠤ ᠶᠠᠪᠤᠳᠠᠯ ᠬᠢᠬᠦ ᠠᠵᠢᠯᠯᠠᠭ᠎ᠠ ᠳᠤ ᠦᠷᠭᠦᠯᠵᠢᠯᠡᠨ ᠭᠦᠨᠵᠡᠭᠡᠶᠢᠷᠡᠵᠦ᠂ ᠠᠵᠢᠯ ᠤᠨ ᠪᠠᠶᠢᠷᠢ ᠳᠠᠭᠠᠨ ᠰᠠᠭᠤᠷᠢᠯᠠᠨ᠂ ᠤᠯᠠᠨ ᠲᠦᠮᠡᠨ ᠳᠤ ᠪᠣᠳᠠᠲᠤ ᠶᠠᠪᠤᠳᠠᠯ᠂ ᠰᠠᠶᠢᠨ ᠶᠠᠪᠤᠳᠠᠯ ᠬᠢᠵᠦ᠂ ᠤᠯᠠᠨ ᠲᠦᠮᠡᠨ ᠤ ᠢᠲᠡᠭᠡᠯ ᠲᠠᠢ᠂ ᠨᠠᠶᠢᠳᠠᠪᠤᠷᠢ ᠲᠠᠢ᠂ ᠰᠠᠨᠠᠭ᠎ᠠ ᠠᠮᠤᠷ ᠳᠣᠲᠣᠭᠠᠳᠤ ᠶᠢ ᠬᠠᠮᠠᠭᠠᠯᠠᠬᠤ ᠲᠡᠮᠦᠷ ᠴᠡᠷᠢᠭ ᠢ ᠴᠢᠷᠮᠠᠶᠢᠨ ᠪᠠᠶᠢᠭᠤᠯᠤᠨ᠎ᠠ᠃                           ᠵᠣᠬᠢᠶᠠᠭᠴᠢ᠄ ᠬᠤᠩᠬᠢᠯᠳᠦ ᠪᠠᠯᠭᠠᠰᠤᠨ ᠤ ᠲᠣᠮᠢᠯᠠᠭᠰᠠᠨ ᠰᠠᠯᠪᠤᠷᠢ                            ᠣᠷᠴᠢᠭᠤᠯᠣᠭᠴᠢ᠄ ᠰᠡᠴᠡᠩᠭᠤᠸ᠎ᠠ
 
ᠢᠷᠡᠯᠲᠡ᠄ ᠰᠣᠨᠢᠨ ᠤ ᠬᠤᠷᠢᠶ᠎ᠠ ᠶᠢᠨ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号