| ᠰᠢᠨ᠎ᠠ ᠰᠤᠷᠤᠯᠭ᠎ᠠ ᠶᠢᠨ ᠬᠤᠭᠤᠴᠠᠭ᠎ᠠ ᠡᠬᠢᠯᠡᠯ᠎ᠡ | | ᠦᠪᠡᠷᠲᠡᠬᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠤᠨ ᠨᠢᠬᠡᠲᠦᠯᠲᠠᠢ ᠪᠠᠶᠢᠷᠢᠯᠠᠭᠤᠯᠤᠯᠲᠠ | ᠶᠤᠰᠤᠭᠠᠷ᠂ ᠮᠠᠨ ᠤ ᠬᠤᠲᠠ ᠶᠢᠨ ᠮᠤᠩᠭᠤᠯ ᠦᠨᠳᠦᠰᠦᠳᠡᠨ ᠤ ᠲᠤᠮᠳᠠᠳᠦ ᠰᠤᠷᠭᠠᠭᠤᠯᠢ ᠶᠢᠨ ᠠᠩᠬ᠎ᠠ ᠵᠡᠷᠬᠡ ᠶᠢᠨ | ᠭᠤᠷᠪᠠᠲᠤᠭᠠᠷ ᠤᠨ ᠪᠠ ᠲᠡᠬᠡᠲᠤ ᠵᠡᠷᠬᠡ ᠶᠢᠨ ᠭᠤᠷᠪᠠᠲᠤᠭᠠᠷ ᠤᠨ ᠤ ᠰᠤᠷᠤᠬᠴᠢᠳ᠂ 3 ᠰᠠᠷ᠎ᠠ ᠶᠢᠨ 29 ᠤ | ᠡᠲᠦᠷ ᠵᠠᠯᠭᠠᠭ᠎ᠠ ᠪᠠᠷ ᠲᠠᠨᠢᠯ ᠲᠠᠰᠤᠯ ᠰᠤᠷᠭᠠᠭᠤᠯᠢ ᠶᠢᠨ ᠬᠦᠷᠢᠶᠠᠨ ᠳᠡᠭᠡᠨ ᠪᠤᠴᠠᠵᠦ᠂ ᠬᠠᠪᠤᠷ ᠤᠨ ᠤᠯᠠᠷᠢᠯ ᠤᠨ | ᠰᠤᠷᠤᠯᠭ᠎ᠠ ᠶᠢᠨ ᠬᠤᠭᠤᠴᠠᠭ᠎ᠠ ᠪᠠᠨ ᠡᠬᠢᠯᠡᠬᠦᠯᠪᠡ᠃ | | | ᠠᠶᠤᠯᠲᠤ ᠬᠢᠵᠢᠭ ᠤᠨ ᠡᠮᠦᠨ᠎ᠠ᠂ ᠤᠯᠠᠭᠠᠨᠴᠠᠪ ᠬᠤᠲᠠ ᠶᠢᠨ ᠮᠤᠩᠭᠤᠯ ᠦᠨᠳᠦᠰᠦᠲᠠᠨ ᠤ ᠲᠤᠮᠳᠠᠳᠤ ᠰᠤᠷᠭᠠᠭᠤᠯᠢ | ᠨᠢ ᠰᠡᠳᠬᠢᠯ ᠨᠢᠬᠡᠲᠤᠨ ᠬᠦᠴᠦ ᠪᠠᠨ ᠬᠠᠮᠲᠤᠳᠬᠠᠵᠦ᠂ ᠨᠠᠷᠢᠨ ᠨᠢᠮᠪᠠᠢ ᠪᠠᠶᠢᠷᠢᠯᠠᠭᠤᠯᠵᠦ᠂ ᠰᠤᠷᠭᠠᠭᠤᠯᠢ ᠡᠬᠢᠯᠡᠬᠦ ᠠᠴᠠ | ᠡᠮᠦᠨᠡᠬᠢ ᠡᠯ᠎ᠡ ᠵᠦᠢᠯ ᠤᠨ ᠪᠡᠯᠡᠳᠬᠡᠯ ᠠᠵᠢᠯ ᠢ ᠪᠦᠬᠦ ᠬᠦᠴᠦᠨ ᠢᠶᠠᠷ ᠢᠶᠠᠨ ᠰᠠᠶᠢᠲᠤᠷ ᠬᠢᠭᠰᠡᠨ ᠪᠠᠶᠢᠨ᠎ᠠ᠃ ᠲᠤᠰ | ᠰᠤᠷᠭᠠᠭᠤᠯᠢ ᠨᠢ ᠰᠤᠷᠭᠠᠭᠤᠯᠢ ᠶᠢᠨ ᠡᠬᠦᠲᠠᠨ ᠳᠤ ᠬᠠᠯᠠᠭᠤᠨ ᠢ ᠬᠡᠮᠵᠢᠬᠦ ᠴᠢᠭ᠋ ᠲᠤᠬᠢᠷᠠᠭᠤᠯᠤᠨ᠂ ᠪᠠᠶᠢᠷᠢ ᠶᠢᠨ ᠬᠡᠷ᠂ | ᠬᠤᠭᠤᠯᠠᠨ ᠬᠡᠷ ᠵᠡᠷᠬᠡ ᠤᠯᠠᠨ ᠨᠡᠶᠢᠲᠠ ᠶᠢᠨ ᠲᠠᠯᠠᠪᠤᠷ ᠲᠤ ᠲᠤᠰᠬᠠᠢ ᠬᠦᠮᠦᠨ ᠲᠤᠬᠢᠷᠠᠭᠤᠯᠤᠨ ᠠᠷᠢᠭᠤᠳᠬᠠᠬᠤ | ᠠᠵᠢᠯ ᠢ ᠬᠢᠵᠦ᠂ ᠪᠠᠭᠰᠢ ᠰᠤᠷᠤᠭᠴᠢᠳ ᠤᠨ ᠠᠮᠤᠷ ᠲᠦᠪᠰᠢᠨ᠂ ᠰᠤᠷᠭᠠᠭᠤᠯᠢ ᠶᠢᠨ ᠬᠦᠷᠢᠶᠠᠨ ᠤ ᠠᠮᠤᠷ ᠲᠦᠪᠰᠢᠨ ᠢ | ᠬᠠᠮᠠᠭᠠᠯᠠᠨ᠂ ᠰᠤᠷᠤᠭᠴᠢᠳ ᠲᠤ ᠲᠤᠬᠢᠯᠠᠭ ᠲᠤᠭᠳᠠᠭᠤᠨ ᠠᠮᠢᠲᠤᠷᠠᠯ ᠰᠤᠷᠤᠯᠴᠠᠯᠭ᠎ᠠ ᠶᠢᠨ ᠤᠷᠴᠢᠨ ᠲᠤᠭᠤᠷᠢᠨ ᠢ | ᠬᠠᠩᠭᠠᠬᠰᠠᠨ ᠪᠠᠶᠢᠨ᠎ᠠ᠃ | | ᠤᠯᠠᠭᠠᠨᠴᠠᠪ ᠬᠤᠲᠠ ᠶᠢᠨ ᠮᠤᠩᠭᠤᠯ ᠦᠨᠳᠦᠰᠦᠲᠠᠨ ᠤ ᠲᠤᠮᠳᠠᠳᠤ ᠰᠤᠷᠭᠠᠭᠤᠯᠢ ᠶᠢᠨ ᠡᠬᠦᠲᠠᠨ ᠳᠤ᠂ | ᠰᠤᠷᠤᠬᠴᠢᠳ ᠪᠡᠶ᠎ᠠ ᠶᠢᠨ ᠬᠠᠯᠠᠭᠤᠨ ᠢᠶᠠᠨ ᠬᠡᠮᠵᠢᠬᠦᠯᠬᠦ ᠶᠢᠨ ᠲᠠᠭᠠᠤ ᠪᠤᠭᠤᠲᠠᠯ ᠪᠠᠭᠯᠠᠭ᠎ᠠ ᠪᠠᠨ ᠠᠷᠢᠭᠤᠳᠬᠠᠵᠦ᠂ | ᠡᠮᠬᠢ ᠵᠢᠷᠤᠮ ᠲᠠᠢ ᠪᠠᠷ ᠰᠤᠷᠭᠠᠭᠤᠯᠢ ᠶᠢᠨ ᠬᠦᠷᠢᠶᠠᠨ ᠳᠡᠭᠡᠨ ᠤᠷᠤᠵᠠᠭᠠᠨ᠎ᠠ᠃ ᠲᠤᠰ ᠰᠤᠷᠭᠠᠭᠤᠯᠢ ᠶᠢᠨ ᠠᠩᠬ᠎ᠠ | ᠲᠤᠮᠳᠠᠳᠤ ᠶᠢᠨ ᠭᠤᠷᠪᠠᠲᠤᠭᠠᠷ ᠤᠨ ᠳᠤ 1ᠠᠩᠬᠢ᠂ ᠦᠨᠳᠦᠷ ᠲᠤᠮᠳᠠᠳᠤ ᠶᠢᠨ ᠭᠤᠷᠪᠠᠲᠤᠭᠠᠷ ᠤᠨ ᠳᠤ 6 ᠠᠩᠬᠢ | ᠨᠡᠶᠢᠲᠠ 208 ᠰᠤᠷᠤᠭᠴᠢ ᠨᠡᠷ᠎ᠡ ᠮᠡᠳᠡᠬᠦᠯᠦᠭᠰᠡᠨ ᠪᠠᠶᠢᠨ᠎ᠠ᠃ | | | ᠨᠠᠶᠢᠷᠠᠭᠤᠯᠤᠭᠴᠢ᠄ᠤᠯᠠᠭᠠᠨᠴᠡᠴᠡᠭ | ᠵᠣᠬᠢᠶᠠᠭᠴᠢ᠄ ᠣᠶᠣᠨ | |