︽︿ᠪᠥᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠢᠶᠠᠨ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠬᠡᠷᠡᠭᠵᠢᠭᠦᠯᠬᠦ ᠲᠥᠰᠦᠯ﹀ ᠢ ᠳᠠᠷᠤᠮᠠᠯᠯᠠᠨ ᠶᠠᠪᠤᠭᠤᠯᠬᠤ  ᠳᠤᠬᠠᠢ ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ︾ ᠢ ᠤᠯᠠᠮᠵᠢᠯᠠᠨ ᠶᠠᠪᠤᠭᠤᠯᠬᠤ ᠮᠡᠳᠡᠭᠳᠡᠯ
ᠨᠡᠶᠢᠲᠡᠯᠡᠭᠰᠡᠨ ᠴᠠᠭ᠄
2020/11/24
      ︽︿ᠪᠥᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ       ᠡᠮ ᠡᠮᠨᠡᠯᠭᠡ ᠶᠢᠨ ᠳᠠᠭᠠᠳᠬᠠᠯ ᠢᠶᠠᠨ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ       ᠬᠡᠷᠡᠭᠵᠢᠭᠦᠯᠬᠦ ᠲᠥᠰᠦᠯ﹀ ᠢ ᠳᠠᠷᠤᠮᠠᠯᠯᠠᠨ ᠶᠠᠪᠤᠭᠤᠯᠬᠤ  ᠳᠤᠬᠠᠢ ᠤᠯᠠᠭᠠᠨᠴᠠᠪ ᠬᠤᠲᠠ ᠶᠢᠨ       ᠠᠷᠠᠳ ᠤᠨ ᠵᠠᠰᠠᠭ ᠤᠨ ᠣᠷᠳᠣᠨ ᠤ ᠮᠡᠳᠡᠭᠳᠡᠯ︾ ᠢ ᠤᠯᠠᠮᠵᠢᠯᠠᠨ ᠶᠠᠪᠤᠭᠤᠯᠬᠤ ᠮᠡᠳᠡᠭᠳᠡᠯ    ᠡᠯ᠎ᠡ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠳᠤ᠄    ︽︿ᠪᠥᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠢᠶᠠᠨ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠶᠢ ᠬᠡᠷᠡᠭᠵᠢᠭᠦᠯᠬᠦ ᠲᠥᠰᠦᠯ﹀ ᠢ ᠳᠠᠷᠤᠮᠠᠯᠯᠠᠨ ᠶᠠᠪᠤᠭᠤᠯᠬᠤ ᠲᠤᠬᠠᠶ ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ︾ ︵ᠤᠯᠠᠭᠠᠨᠴᠠᠪ ᠵᠠᠰᠠᠭ ᠳᠠᠷᠬᠠᠭᠰᠠᠨ ︹ 2020 ︺ 75 ᠳ᠋ᠤᠭᠠᠷ ᠲᠣᠭᠠᠲᠤ︶ ᠢ ᠡᠳᠦᠭᠡ ᠲᠠᠨᠠᠷ ᠲᠤ ᠤᠯᠠᠮᠵᠢᠯᠠᠨ ᠶᠠᠪᠤᠭᠤᠯᠤᠯ᠎ᠠ᠃ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠬᠢᠨᠠᠮᠠᠭᠠᠶ ᠰᠠᠶᠢᠲᠤᠷ ᠠᠳᠬᠤᠬᠤ ᠬᠡᠷᠡᠭᠲᠡᠶ᠃     ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ     2020 ᠣᠨ ᠤ 8 ᠰᠠᠷ᠎ᠠ ᠶᠢᠨ 6 ᠤ ᠡᠳᠦᠷ    ᠤᠯᠠᠭᠠᠨᠴᠠᠪ ᠬᠤᠲᠠ ᠶᠢᠨ ᠠᠷᠠᠳ ᠤᠨ ᠵᠠᠰᠠᠭ ᠤᠨ ᠣᠷᠳᠣᠨ    ᠪᠦᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠦᠨᠳᠦᠰᠦᠨ ᠳᠠᠭᠠᠳᠬᠠᠯ ᠢ  ᠳᠠᠷᠤᠮᠠᠯᠯᠠᠨ ᠲᠠᠷᠬᠠᠭᠠᠵᠤ ᠲᠡᠭᠦᠯᠳᠡᠷᠵᠢᠭᠦᠯᠬᠦ ᠲᠤᠬᠠᠶ    ᠰᠡᠳᠦᠪ ᠤᠨ ᠭᠤᠣᠯ ᠦᠭᠡᠰ᠄ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠬᠡᠷᠡᠭᠵᠢᠭᠦᠯᠬᠦ ᠲᠥᠰᠦᠯ ᠮᠡᠳᠡᠭᠳᠡᠯ    ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ᠂ ᠬᠤᠲᠠ ᠶᠢᠨ ᠰᠢᠭᠤᠳ ᠬᠠᠷᠢᠶ᠎ᠠ ᠡᠯ᠎ᠡ ᠵᠥᠪᠯᠡᠯ᠂ ᠠᠯᠪᠠᠨ ᠭᠡᠷ᠂ ᠲᠣᠪᠴᠢᠶ᠎ᠠ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ᠄ ᠬᠤᠲᠠ ᠶᠢᠨ ᠨᠠᠮ ᠤᠨ ᠬᠤᠷᠢᠶᠠᠨ ᠤ 26 ᠳ᠋ᠤᠭᠠᠷ ᠤᠳᠠᠭᠠᠨ ᠤ ᠪᠠᠶᠢᠩᠭᠤ ᠶᠢᠨ ᠬᠤᠷᠢᠶ᠎ᠠ ᠠᠴᠠ ᠬᠢᠨᠠᠨ ᠵᠥᠪᠯᠡᠵᠦ ᠪᠠᠲᠤᠯᠠᠭᠠᠳ᠂ ︽ᠪᠦᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠬᠤᠲᠠ ᠶᠢᠨ ᠱᠠᠲᠤᠨ ᠤ ᠨᠢᠭᠡᠳᠦᠯᠲᠡᠢ ᠳᠤ ᠳᠦᠯᠦᠪᠯᠡᠬᠦ ᠶᠢ ᠲᠡᠭᠦᠯᠳᠡᠷᠵᠢᠭᠦᠯᠬᠦ ᠲᠤᠬᠠᠢ ᠬᠡᠷᠡᠭᠵᠢᠭᠦᠯᠬᠦ ᠲᠥᠰᠦᠯ︾ ᠢ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠃ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠬᠢᠨᠠᠮᠠᠭᠠᠶ ᠰᠠᠶᠢᠲᠤᠷ ᠠᠳᠬᠤᠬᠤ ᠬᠡᠷᠡᠭᠲᠡᠶ᠃    2020 ᠣᠨ ᠤ 7 ᠰᠠᠷ᠎ᠠ ᠶᠢᠨ 24 ᠤ ᠡᠳᠦᠷ    ᠪᠦᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠦᠨᠳᠦᠰᠦᠨ ᠳᠠᠭᠠᠳᠬᠠᠯ ᠢ ᠳᠡᠬᠦᠯᠳᠡᠷᠵᠢᠬᠦᠯᠬᠦ ᠲᠤᠬᠠᠶ    ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠶᠢᠨ ᠬᠡᠷᠡᠭᠵᠢᠭᠦᠯᠬᠦ ᠲᠥᠰᠦᠯ‌ᠮᠠᠨ ᠤ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠳᠦᠷᠢᠮ ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠶᠢᠨ ᠲᠥᠯᠥᠭᠡ᠂ ᠡᠮ ᠡᠮᠨᠡᠯᠭᠡ ᠶᠢᠨ ᠳᠠᠭᠠᠳᠬᠠᠯ ᠤᠨ ᠨᠢᠭᠡᠳᠦᠯᠲᠡᠶ ᠲᠥᠯᠥᠪᠯᠡᠬᠦ ᠳᠡᠰ ᠳᠠᠪᠬᠤᠷᠭ᠎ᠠ ᠪᠣᠯᠤᠨ ᠰᠠᠭᠤᠷᠢ ᠮᠥᠩᠭᠦ ᠶᠢᠨ ᠠᠵᠢᠯᠯᠠᠭᠠᠨ ᠤ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠦᠩᠭᠦ ᠶᠢᠨ ᠲᠦᠭᠰᠢᠭᠦᠷᠢ ᠶᠢ ᠳᠠᠭᠠᠭᠠᠬᠤ ᠴᠢᠳᠠᠪᠤᠷᠢ ᠶᠢ ᠨᠡᠮᠡᠭᠳᠡᠭᠦᠯᠵᠦ᠂ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠠᠵᠢᠯ ᠢ ᠪᠣᠳᠠᠲᠠᠶ ᠬᠢᠵᠦ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠡᠶᠢᠭᠡᠮ ᠤᠨ ᠳᠠᠭᠠᠳᠬᠠᠯ ᠤᠨ ᠬᠠᠤᠯᠢ︾ ︽ᠡᠮᠴᠢᠯᠡᠭᠡᠨ ᠤ ᠪᠠᠲᠤᠯᠠᠭ᠎ᠠ ᠶᠢᠨ ᠲᠦᠷᠢᠮ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠲᠤᠬᠠᠶ ᠳᠤᠮᠳᠠᠳᠤ ᠤᠯᠤᠰ ᠤᠨ ᠡᠪ ᠬᠠᠮᠳᠤ ᠨᠠᠮ ᠤᠨ ᠲᠥᠪ ᠬᠤᠷᠢᠶ᠎ᠠ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠰᠠᠨᠠᠯ︾ ︽ᠡᠮᠴᠢᠯᠡᠭᠡᠨ ᠤ  ᠪᠠᠳᠤᠯᠠᠭ᠎ᠠ ᠶᠢᠨ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ ᠲᠦᠷᠢᠮ ᠤᠨ ᠰᠢᠰᠲ᠋ᠧᠮ ᠤᠨ ᠥᠭᠡᠷᠡᠴᠢᠯᠡᠯᠲᠡ ᠶᠢ ᠠᠬᠢᠭᠤᠯᠬᠤ ᠲᠤᠬᠠᠶ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠠᠯᠪᠠᠨ ᠲᠢᠩᠬᠢᠮ ᠤᠨ ᠵᠢᠯᠣᠭᠤᠳᠬᠤ ᠰᠠᠨᠠᠯ︾ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤᠨ ᠤ ᠦᠨᠳᠦᠰᠦᠨ ᠡᠮᠴᠢᠯᠡᠭᠡᠨ ᠤ ᠳᠠᠭᠠᠳᠬᠠᠯ ᠤᠨ ᠲᠦᠷᠢᠮ︾ ︽ᠤᠯᠠᠭᠠᠨᠴᠠᠪ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮᠴᠢᠯᠡᠭᠡᠨ ᠤ ᠳᠠᠭᠠᠳᠬᠠᠯ ᠤᠨ ᠬᠤᠲᠠ ᠶᠢᠨ ᠱᠠᠲᠤᠨ‌‍ᠤ ᠨᠢᠭᠡᠳᠦᠯᠲᠡᠶ ᠲᠥᠯᠥᠪᠯᠡᠬᠦ ᠬᠡᠷᠡᠭᠵᠢᠭᠦᠯᠬᠦ ᠠᠷᠭ᠎ᠠ︾ ᠵᠡᠷᠭᠡ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠨ᠂ ᠮᠠᠨ ᠤ ᠬᠤᠲᠠ ᠶᠢᠨ ᠬᠤᠲᠠ ᠪᠠᠯᠭᠠᠰᠤᠨ ᠤ ᠠᠵᠢᠯᠳᠠᠨ ᠠᠵᠢᠯᠴᠢᠨ ᠤ ᠦᠨᠳᠦᠰᠦᠨ ᠡᠮᠴᠢᠯᠡᠭᠡᠨ ᠤ ᠳᠠᠭᠠᠳᠬᠠᠯ ᠤᠨ ᠠᠵᠢᠯᠯᠠᠭᠠᠨ ᠤ ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠲᠣᠰ ᠬᠡᠷᠡᠭᠵᠢᠭᠦᠯᠬᠦ ᠲᠥᠰᠦᠯ ᠢ ᠣᠨᠴᠠᠭᠠᠶᠢᠯᠠᠨ ᠲᠣᠭᠲᠠᠭᠠᠪᠠ᠃    ᠨᠢᠭᠡ᠂ ᠶᠡᠷᠦᠩᠬᠡᠶ ᠱᠠᠭᠠᠷᠳᠠᠯᠭ᠎ᠠ    ︵ᠨᠢᠭᠡ︶ ᠬᠠᠷᠠᠯᠲᠠ ᠶᠢᠨ ᠡᠭᠦᠷᠭᠡ    ᠳᠦᠷᠢᠮ ᠲᠥᠷᠥ ᠶᠢᠨ ᠪᠣᠳᠣᠯᠭ᠎ᠠ ᠨᠢᠭᠡᠳᠦᠯᠲᠡᠶ᠂ ᠰᠠᠭᠤᠷᠢ ᠮᠥᠩᠭᠦ ᠶᠢ ᠨᠢᠭᠡᠳᠦᠯᠲᠡᠶ ᠲᠥᠯᠥᠪᠯᠡᠨ ᠠᠵᠢᠯᠯᠠᠭᠤᠯᠬᠤ᠂ ᠬᠠᠮᠢᠶᠠᠷᠤᠯᠲᠠ ᠦᠢᠯᠡᠴᠢᠯᠡᠭᠡ ᠶᠢ ᠨᠢᠭᠡ ᠴᠣᠭᠴᠠᠵᠢᠭᠤᠯᠤᠭᠰᠠᠨ ᠪᠠᠷᠢᠮᠵᠢᠶ᠎ᠠ ᠶᠣᠰᠣᠭᠠᠷ᠂ ᠪᠦᠬᠦ ᠬᠤᠲᠠ ᠶᠢᠨ ᠬᠡᠪᠴᠢᠶᠡᠨ ᠳᠤ ᠨᠢᠭᠡᠳᠦᠯᠲᠡᠶ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠬᠡ ᠶᠢᠨ ᠪᠠᠲᠤᠯᠠᠭ᠎ᠠ ᠶᠢᠨ ᠳᠦᠷᠢᠮ ᠢ ᠪᠠᠶᠢᠭᠤᠯᠤᠨ ᠲᠡᠭᠦᠯᠳᠡᠷᠵᠢᠭᠦᠯᠵᠦ᠂ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠪᠠᠲᠤᠯᠠᠭ᠎ᠠ ᠶᠢᠨ ᠳᠦᠷᠢᠮ ᠢ ᠨᠡᠩ ᠲᠡᠭᠦᠯᠳᠡᠷᠵᠢᠭᠦᠯᠵᠡᠶ᠃ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢᠨ ᠬᠠᠮᠢᠶᠠᠷᠤᠯᠲᠠ ᠶᠢ ᠨᠡᠩ ᠵᠢᠷᠤᠮᠵᠢᠭᠤᠯᠤᠨ᠎ᠠ᠃    ︵ᠬᠤᠶᠠᠷ︶ ᠦᠨᠳᠦᠰᠦᠨ ᠵᠠᠷᠴᠢᠮ    ᠠᠷᠠᠳ ᠲᠦᠮᠡᠨ ᠢ ᠳᠡᠭᠡᠳᠦᠯᠡᠬᠦ ᠶᠢ ᠪᠠᠷᠢᠮᠲᠠᠯᠠᠵᠤ᠂ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠬᠠᠷᠠᠭᠠᠯᠵᠠᠯ ᠢ ᠪᠠᠲᠤᠯᠠᠬᠤ ᠬᠡᠷᠡᠭᠲᠡᠢ︔ ᠵᠠᠰᠠᠭ ᠤᠨ ᠣᠷᠳᠣᠨ ᠢᠶᠠᠷ ᠭᠤᠤᠯᠯᠠᠭᠤᠯᠬᠤ ᠶᠢ ᠪᠠᠷᠢᠮᠲᠠᠯᠠᠵᠤ᠂ ᠨᠠᠷᠢᠨ ᠨᠢᠮᠪᠠᠶ ᠵᠣᠬᠢᠶᠠᠨ ᠪᠠᠶᠢᠭᠤᠯᠵᠤ᠂ ᠯᠠᠪᠳᠠᠭᠤᠨ ᠢᠶᠠᠷ ᠬᠡᠷᠡᠭᠵᠢᠭᠦᠯᠬᠦ ᠬᠡᠷᠡᠭᠲᠡᠶ︔ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢ ᠨᠢᠭᠡᠳᠦᠯᠲᠡᠶ ᠬᠠᠮᠢᠶᠠᠷᠬᠤ ᠶᠢ ᠪᠠᠷᠢᠮᠲᠠᠯᠠᠵᠤ᠂ ᠰᠠᠭᠤᠷᠢ ᠮᠦᠩᠭᠦᠨ ᠤ ᠲᠦᠭᠰᠢᠭᠦᠷᠢ ᠶᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ︔ ᠲᠥᠷᠥ ᠶᠢᠨ ᠪᠣᠳᠣᠯᠭ᠎ᠠ ᠶᠢᠨ ᠪᠠᠷᠢᠮᠵᠢᠶ᠎ᠠ᠂ ᠬᠠᠷᠠᠭᠠᠯᠵᠠᠯ ᠤᠨ ᠬᠢᠷᠢ ᠬᠡᠮᠵᠢᠶ᠎ᠡ ᠶᠢ ᠠᠵᠤ ᠠᠬᠤᠶ ᠶᠢᠨ  ᠬᠦᠭᠵᠢᠯᠲᠠ ᠯᠦᠭᠡ ᠬᠠᠷᠢᠯᠴᠠᠨ ᠵᠣᠬᠢᠴᠠᠭᠤᠯᠬᠤ ᠶᠢ ᠪᠠᠷᠢᠮᠲᠠᠯᠠᠵᠤ᠂ ᠲᠥᠪ ᠭᠤᠤᠯᠴᠢ ᠪᠥᠭᠡᠳ ᠵᠣᠬᠢᠰᠲᠠᠶ ᠪᠠᠲᠤᠯᠠᠭ᠎ᠠ ᠶᠢ ᠢᠯᠡᠷᠡᠭᠦᠯᠦᠨ᠎ᠡ︔ ᠣᠷᠣᠯᠭ᠎ᠠ ᠪᠠᠷ ᠵᠠᠷᠤᠯᠭ᠎ᠠ ᠶᠢ ᠲᠣᠭᠲᠠᠭᠠᠬᠤ᠂ ᠣᠷᠣᠯᠭ᠎ᠠ ᠵᠠᠷᠤᠯᠭ᠎ᠠ ᠶᠢ ᠲᠡᠩᠴᠡᠭᠦᠯᠬᠦ᠂ ᠪᠠᠭ᠎ᠠ ᠦᠯᠡᠳᠡᠪᠦᠷᠢ ᠲᠠᠢ ᠪᠠᠶᠢᠯᠭᠠᠬᠤ ᠶᠢ ᠪᠠᠷᠢᠮᠲᠠᠯᠠᠵᠤ᠂ ᠰᠠᠭᠤᠷᠢ ᠮᠥᠩᠭᠦᠨ ᠤ ᠠᠵᠢᠯᠯᠠᠭᠠᠨ ᠤ ᠠᠮᠤᠷ ᠲᠦᠪᠰᠢᠨ ᠢ ᠪᠠᠲᠤᠯᠠᠨ᠎ᠠ᠃    ᠬᠤᠶᠠᠷ᠂ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠬᠡᠪᠴᠢᠶ᠎ᠡ    ︵ᠨᠢᠭᠡ︶ ᠳᠠᠭᠠᠳᠬᠠᠯ ᠳᠤ ᠣᠷᠣᠯᠴᠠᠬᠤ ᠬᠡᠪᠴᠢᠶ᠎ᠡ    ᠮᠠᠨ ᠤ ᠬᠤᠲᠠ ᠶᠢᠨ ᠬᠢᠯᠢ ᠶᠢᠨ ᠳᠣᠲᠣᠷᠠᠬᠢ ᠪᠣᠢ ᠪᠦᠬᠦᠢ ᠲᠥᠷᠥ ᠶᠢᠨ ᠪᠠᠶᠢᠭᠤᠯᠭ᠎ᠠ᠂ ᠨᠡᠶᠢᠭᠡᠮ ᠤᠨ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ᠂ ᠠᠷᠠᠳ ᠠᠴᠠ ᠡᠷᠬᠢᠯᠡᠭᠰᠡᠨ ᠠᠵᠤ ᠠᠬᠤᠶᠢᠯᠠᠯ ᠤᠨ ᠪᠤᠰᠤ ᠨᠢᠭᠡᠴᠡ ᠵᠢᠴᠢ ᠠᠵᠢᠯᠲᠠᠨ ᠠᠵᠢᠯᠴᠢᠨ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠵᠢᠴᠢ ᠲᠡᠭᠦᠨ ᠤ ᠠᠵᠢᠯᠲᠠᠨ᠂ ᠬᠠᠷᠢᠶ᠎ᠠ ᠭᠠᠵᠠᠷ ᠲᠤᠨᠢ ᠬᠠᠮᠢᠶᠠᠷᠤᠭᠤᠯᠬᠤ ᠵᠠᠷᠴᠢᠮ ᠶᠣᠰᠣᠭᠠᠷ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ  ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠬᠤ ᠬᠡᠷᠡᠭᠲᠡᠶ᠃    ᠬᠥᠯᠥᠰᠥᠨ ᠠᠵᠢᠯᠴᠢᠨ ᠦᠭᠡᠢ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ᠂ ᠬᠥᠮᠦᠨ ᠬᠡᠷᠡᠭᠯᠡᠬᠦ ᠨᠢᠭᠡᠴᠢ ᠳᠤ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠭᠰᠠᠨ ᠦᠭᠡ ᠶᠢ ᠪᠦᠬᠦᠯᠢ ᠡᠳᠦᠷ ᠢᠶᠠᠷ ᠠᠵᠢᠯᠯᠠᠬᠤ ᠪᠤᠰᠤ ᠳᠦᠷᠢᠮᠲᠦ ᠠᠵᠢᠯᠲᠠᠨ ᠵᠢᠴᠢ ᠪᠤᠰᠤᠳ ᠠᠮᠢᠳᠤᠯᠢᠭ ᠢᠶᠠᠷ ᠠᠵᠢᠯ ᠤᠯᠤᠭᠰᠠᠳ ︵ᠳᠣᠷᠣᠭᠰᠢ ᠠᠮᠢᠳᠤᠯᠢᠭ ᠢᠶᠠᠷ ᠠᠵᠢᠯ ᠣᠯᠤᠭᠰᠠᠳ ᠭᠡᠵᠦ ᠲᠣᠪᠴᠢᠯᠠᠨ᠎ᠠ︶᠂ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠪᠤᠶᠤ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠬᠤ ᠶᠢ ᠰᠠᠶᠢᠨ ᠳᠤᠷ᠎ᠠ ᠠᠴᠠ ᠪᠠᠨ ᠰᠣᠩᠭᠤᠵᠤ ᠪᠣᠯᠤᠨ᠎ᠠ᠃    ︵ᠬᠤᠶᠠᠷ︶ ᠨᠢᠭᠡᠳᠦᠯᠲᠡᠶ ᠲᠥᠯᠥᠪᠯᠡᠬᠦ ᠲᠥᠷᠥᠯ ᠵᠣᠶᠢᠯ ᠤᠨ ᠬᠡᠪᠴᠢᠶ᠎ᠡ    ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ︵ᠦᠷᠡᠵᠢᠯ ᠤᠨ ᠳᠠᠭᠠᠳᠬᠠᠯ ᠪᠠᠭᠲᠠᠨ᠎ᠠ︶︔ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠬᠦᠨᠳᠦ ᠡᠪᠡᠳᠴᠢᠨ‌‍ᠤ ᠡᠮᠴᠢᠯᠡᠭᠡᠨ ᠤ ᠳᠠᠭᠠᠳᠬᠠᠯ︔ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠶᠡᠭᠡ ᠲᠣᠭᠠᠨ ᠤ ᠡᠮ ᠡᠮᠨᠡᠯᠭᠡ ᠶᠢᠨ ᠵᠠᠷᠤᠳᠠᠯ ᠤᠨ ᠲᠤᠰᠠᠯᠠᠮᠵᠢ ᠶᠢᠨ ᠰᠠᠭᠤᠷᠢ ᠮᠥᠩᠭᠦ᠃    ᠭᠤᠷᠪᠠ᠂ ᠬᠤᠲᠠ ᠪᠠᠯᠭᠠᠰᠤ ᠶᠢᠨ ᠠᠵᠢᠯᠲᠠᠨ ᠠᠵᠢᠯᠴᠢᠨ ᠤ ᠦᠨᠳᠦᠰᠦᠨ ᠡᠮᠴᠢᠯᠡᠭᠡ ᠶᠢᠨ ᠳᠠᠭᠠᠳᠬᠠᠯ ᠤᠨ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠦᠨ᠎ᠡ    ︵ᠨᠢᠭᠡ︶ ᠬᠤᠳᠠ ᠪᠠᠯᠭᠠᠰᠤᠨ ᠤ ᠠᠵᠢᠯᠳᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠪᠡᠯᠡ ᠴᠤᠭᠯᠠᠭᠤᠯᠬᠤ ᠪᠠᠷᠢᠮᠵᠢᠶ᠎ᠠ    1᠂ ᠠᠷᠠᠳ ᠤᠨ ᠡᠳᠦᠷ ᠤᠨ ᠰᠣᠨᠢᠨ ᠤ ᠰᠢᠭᠦᠮᠵᠢᠯᠡᠭᠴᠢ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠷᠡᠵᠢᠯ ᠤᠨ ᠡᠮ ᠡᠮᠨᠡᠯᠭᠡ ᠶᠢᠨ ᠳᠠᠭᠠᠳᠬᠠᠯ ᠢ ᠦᠨᠳᠦᠰᠦᠨ ᠡᠮ  ᠡᠮᠨᠡᠯᠬᠡ ᠶᠢᠨ ᠳᠠᠭᠠᠳᠬᠠᠯ ᠤᠨ ᠵᠠᠷᠤᠳᠠᠯ ᠲᠤᠰᠢᠶᠠᠬᠤ ᠪᠠᠷᠢᠮᠵᠢᠶ᠎ᠠ ᠳᠤ ᠨᠡᠶᠢᠯᠡᠭᠦᠯᠦᠨ ᠣᠷᠣᠭᠤᠯᠤᠨ᠎ᠠ᠃ ᠬᠥᠮᠦᠨ ᠬᠡᠷᠡᠭᠯᠡᠬᠦ ᠨᠢᠭᠡᠴᠡ ᠲᠣᠰ ᠨᠢᠭᠡᠴᠡ ᠶᠢᠨ ᠢᠶᠠᠨ ᠲᠦᠷᠦᠭᠦᠤ ᠵᠢᠯ ᠤᠨ ᠠᠵᠢᠯᠲᠠᠨ ᠠᠵᠢᠯᠴᠢᠨ ᠤ ᠴᠠᠯᠢᠩ ᠤᠨ ᠶᠡᠷᠤᠩᠭᠡᠢ ᠲᠣᠭᠠᠨ ᠤ 8.5% ︵ᠦᠨᠳᠦᠰᠦᠨ ᠡᠮ ᠡᠮᠨᠡᠯᠭᠡ ᠶᠢᠨ ᠳᠠᠭᠠᠳᠬᠠᠯ 8%᠂ ᠦᠷᠡᠵᠢᠯ ᠤᠨ ᠳᠠᠭᠠᠳᠬᠠᠯ 0.5%︶ ᠪᠠᠷ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠤᠶᠢᠳᠬᠡᠯ ᠲᠤᠰᠢᠶᠠᠨ᠎ᠠ︔ ᠠᠵᠢᠯ ᠳᠤ ᠪᠠᠶᠢᠭ᠎ᠠ ᠠᠵᠢᠯᠲᠠᠨ ᠠᠵᠢᠯᠴᠢᠨ ᠤ ᠬᠤᠪᠢ ᠬᠥᠮᠦᠨ ᠠᠴᠠ ᠳᠡᠭᠡᠭᠰᠢᠬᠢ ᠤᠨ ᠬᠤᠪᠢ ᠬᠥᠮᠦᠨ ᠤ ᠴᠠᠯᠢᠩ ᠤᠨ ᠶᠡᠷᠤᠩᠭᠡᠢ ᠲᠣᠭᠠᠨ ᠤ 2% ᠨᠢ ᠦᠨᠳᠦᠰᠦᠨ ᠡᠮᠨᠡᠯᠭᠡ ᠶᠢᠨ ᠳᠠᠭᠠᠳᠬᠠᠯ ᠤᠨ ᠵᠠᠷᠤᠳᠠᠯ ᠲᠤᠰᠢᠶᠠᠬᠤ ᠬᠡᠷᠡᠭᠲᠡᠶ᠃ ᠬᠥᠮᠦᠨ ᠬᠡᠷᠡᠭᠯᠡᠬᠦ ᠨᠢᠭᠡᠴᠢ ᠶᠢᠨ ᠳᠡᠭᠡᠷ᠎ᠡ ᠵᠢᠯ ᠤᠨ ᠠᠵᠢᠯᠲᠠᠨ ᠠᠵᠢᠯᠴᠢᠨ ᠤ ᠰᠠᠷ᠎ᠠ ᠶᠢᠨ ᠳᠤᠮᠳᠠᠴᠢ ᠴᠠᠯᠢᠩ ᠨᠢ ᠳᠡᠭᠡᠷ᠎ᠡ ᠵᠢᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤᠨ ᠤ ᠨᠢᠭᠡᠴᠡ ᠶᠢᠨ ᠠᠵᠢᠯ ᠣᠯᠤᠭᠰᠠᠨ ᠬᠦᠮᠦᠰ ᠤᠨ ᠰᠠᠷ᠎ᠠ ᠶᠢᠨ ᠳᠤᠮᠳᠠᠴᠢ ᠴᠠᠯᠢᠩ ᠤᠨ 80% ᠠᠴᠠ ᠳᠣᠣᠷ᠎ᠠ ᠪᠠᠶᠢᠪᠠᠯ᠂ ᠳᠡᠭᠡᠷ᠎ᠡ ᠵᠢᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ ᠨᠢᠭᠡᠴᠡ ᠳᠤ ᠠᠵᠢᠯ ᠣᠯᠤᠭᠰᠠᠳ ᠤᠨ ᠰᠠᠷ᠎ᠠ ᠶᠢᠨ ᠳᠤᠮᠳᠠᠴᠢ ᠴᠠᠯᠢᠩ ᠤᠨ 80% ᠨᠢ ᠰᠤᠶᠢᠳᠬᠡᠯ ᠲᠤᠰᠢᠶᠠᠬᠤ ᠰᠠᠭᠤᠷᠢ ᠲᠤᠭ᠎ᠠ ᠪᠣᠯᠤᠨ᠎ᠠ︔ ᠳᠡᠭᠡᠷ᠎ᠡ ᠵᠢᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ ᠨᠢᠭᠡᠴᠡ ᠶᠢᠨ ᠠᠵᠢᠯ ᠣᠯᠤᠭᠰᠠᠳ ᠤᠨ ᠰᠠᠷ ᠎ᠠ ᠶᠢᠨ ᠳᠤᠮᠳᠠᠴᠢ ᠴᠠᠯᠢᠩ ᠤᠨ 300% ᠠᠴᠠ ᠥᠨᠳᠥᠷ  ᠪᠠᠶᠢᠪᠠᠯ᠂ ᠳᠡᠭᠡᠷ᠎ᠡ ᠵᠢᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ ᠨᠢᠭᠡᠴᠡ ᠶᠢᠨ ᠠᠵᠢᠯ ᠣᠯᠤᠭᠰᠠᠳ ᠤᠨ ᠰᠠᠷ᠎ᠠ ᠶᠢᠨ ᠳᠤᠮᠳᠠᠴᠢ ᠴᠠᠯᠢᠩ ᠤᠨ 300% ᠶᠢ  ᠰᠤᠶᠢᠳᠭᠡᠯ ᠲᠤᠰᠢᠶᠠᠬᠤ ᠰᠠᠭᠤᠷᠢ ᠲᠤᠭ᠎ᠠ ᠪᠣᠯᠭᠠᠨ᠎ᠠ᠃     2᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠠᠮᠢᠳᠤᠯᠢᠭ ᠢᠶᠠᠷ ᠠᠵᠢᠯ ᠣᠯᠤᠭᠰᠠᠨ ᠬᠥᠮᠦᠰ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠤᠶᠢᠳᠬᠡᠯ ᠲᠤᠰᠢᠶᠠᠬᠤ ᠪᠠᠷᠢᠮᠵᠢᠶ᠎ᠠ ᠳᠤ ᠣᠷᠣᠯᠴᠠᠨ᠎ᠠ᠃ ᠳᠡᠭᠡᠷ᠎ᠡ ᠳᠤᠷᠠᠳᠤᠭᠰᠠᠨ ᠤᠨ ᠥᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤᠨ ᠤ ᠨᠢᠭᠡᠴᠡ ᠳᠤ ᠠᠵᠢᠯ ᠣᠯᠤᠭᠰᠠᠳ ᠤᠨ ᠰᠠᠷ᠎ᠠ ᠶᠢᠨ ᠳᠤᠮᠳᠠᠴᠢ ᠴᠠᠯᠢᠩ ᠨᠢ ᠰᠦᠢᠳᠬᠡᠯ ᠲᠤᠰᠢᠶᠠᠬᠤ ᠰᠠᠭᠤᠷᠢ ᠲᠤᠭ᠎ᠠ ᠪᠣᠯᠤᠨ᠎ᠠ᠂ ᠬᠤᠪᠢ ᠬᠥᠮᠦᠨ ᠳᠣᠤᠷ᠎ᠠ ᠵᠢᠭᠰᠠᠭᠠᠭᠰᠠᠨ ᠪᠠᠷᠢᠮᠵᠢᠶ᠎ᠠ ᠶᠢ ᠰᠣᠩᠭᠤᠵᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠵᠠᠷᠤᠳᠠᠯ ᠢᠶᠠᠨ ᠲᠤᠰᠢᠶᠠᠬᠤ ᠬᠡᠷᠡᠭᠲᠡᠶ᠄ ︵1︶ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠭᠡᠴᠢ ᠪᠠ ᠬᠤᠪᠢ ᠬᠥᠮᠦᠨ ᠤ ᠰᠤᠶᠢᠳᠬᠡᠯ ᠲᠤᠰᠢᠶᠠᠬᠤ ᠬᠠᠷᠢᠴᠠᠯ ︵ᠨᠢᠭᠡᠴᠢ 8%᠂ ᠬᠤᠪᠢ ᠬᠥᠮᠦᠨ 2%︶ ᠶᠣᠰᠣᠭᠠᠷ ᠪᠦᠬᠦ ᠲᠤᠭ᠎ᠠ ᠪᠠᠷ ᠨᠢ ᠰᠤᠶᠢᠳᠬᠡᠯ ᠲᠤᠰᠢᠶᠠᠭᠰᠠᠨ ᠪᠠᠶᠢᠪᠠᠯ᠂ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ‌‍ᠶᠢᠨ ᠳᠠᠭᠠᠳᠬᠠᠯ ᠤᠨ ᠣᠯᠭᠤᠮᠵᠢ ᠶᠢ ᠬᠦᠷᠲᠡᠨ᠎ᠡ᠃ ᠬᠤᠪᠢ ᠬᠥᠮᠦᠨ ᠤ ᠲᠠᠩᠰᠠᠨ ᠡᠷᠦᠭᠡ ᠶᠢ ᠪᠠᠶᠢᠭᠤᠯᠤᠨ᠎ᠠ᠃ ︵2︶ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠭᠡᠴᠡ ᠶᠢᠨ ᠰᠤᠶᠢᠳᠬᠡᠯ ᠲᠤᠰᠢᠶᠠᠬᠤ ᠬᠠᠷᠢᠴᠠᠯ ᠠᠴᠠ ᠳᠣᠣᠷ᠎ᠠ ᠦᠭᠡᠢ 80% ᠪᠠᠷ ᠰᠦᠢᠳᠬᠡᠯ ᠲᠤᠰᠢᠶᠠᠭᠰᠠᠨ ᠨᠢᠭᠡᠳᠦᠯᠲᠡᠶ ᠲᠥᠯᠥᠪᠯᠡᠬᠦ ᠭᠠᠵᠠᠷ ᠣᠷᠣᠨ ᠤ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠬᠡ ᠶᠢᠨ ᠳᠠᠭᠠᠳᠬᠠᠯ ᠳᠤ ᠰᠠᠭᠤᠬᠤ ᠪᠠ ᠡᠭᠦᠳᠡᠨ ᠡᠮᠨᠡᠯᠭᠡ ᠶᠢᠨ ᠣᠨᠴᠠᠭᠠᠢ ᠤᠳᠠᠭᠠᠨ ᠴᠢᠨᠠᠷᠲᠠᠶ ᠡᠪᠡᠳᠴᠢᠨ ᠤ  ᠬᠠᠷᠠᠭᠠᠯᠵᠠᠯ ᠢ ᠬᠦᠷᠲᠡᠵᠦ᠂ ᠬᠤᠪᠢ ᠬᠥᠮᠦᠨ ᠤ ᠳᠠᠩᠰᠠᠨ ᠡᠷᠦᠬᠡ ᠪᠠᠶᠢᠭᠤᠯᠬᠤ ᠦᠭᠡᠢ᠃    3᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠤ ᠴᠢᠶᠠᠩ ᠠᠵᠢᠯ ᠠᠴᠠ ᠪᠠᠨ ᠪᠠᠭᠤᠵᠤ ᠠᠮᠠᠷᠠᠭᠰᠠᠳ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠤᠶᠢᠳᠬᠡᠯ ᠲᠤᠰᠢᠶᠠᠬᠤ ᠪᠠᠷᠢᠮᠵᠢᠶ᠎ᠠ ᠳᠤ ᠣᠷᠣᠯᠴᠠᠨ᠎ᠠ᠃ 2016 ᠤᠨ 1 ᠰᠠᠷ᠎ᠠ ᠶᠢᠨ 1 ᠤ ᠡᠳᠦᠷ ᠠᠴᠠ ᠡᠮᠦᠨ᠎ᠡ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠬᠡ ᠶᠢᠨ ᠳᠠᠭᠠᠳᠬᠠᠯ ᠳᠤ ᠣᠷᠣᠯᠴᠠᠭᠰᠠᠨ ᠬᠤᠪᠢ ᠬᠥᠮᠦᠨ ᠤᠯᠤᠰ ᠠᠴᠠ ᠬᠠᠤᠯᠢ ᠪᠠᠷ ᠲᠣᠭᠲᠠᠭᠠᠭᠰᠠᠨ ᠠᠵᠢᠯ ᠠᠴᠠ ᠪᠠᠭᠤᠬᠤ ᠨᠠᠰᠤᠨ ᠳᠤ ᠬᠦᠷᠴᠦ᠂ ᠵᠠᠷᠤᠳᠠᠯ ᠲᠤᠰᠢᠶᠠᠭᠰᠠᠨ ᠵᠢᠯ ᠬᠤᠭᠤᠴᠠᠭ᠎ᠠ ︵ᠵᠠᠷᠤᠳᠠᠯ ᠲᠤᠰᠢᠶᠠᠭᠰᠠᠨ ᠢᠶᠠᠷ ᠦᠵᠡᠬᠦ ᠵᠢᠯ ᠬᠤᠭᠤᠴᠠᠭ᠎ᠠ ᠪᠠᠭᠲᠠᠨ᠎ᠠ︶ ᠨᠢ ᠨᠡᠶᠢᠲᠡ ᠲᠣᠭᠲᠠᠭᠰᠠᠨ ᠵᠢᠯ ᠬᠤᠭᠤᠴᠠᠭ᠎ᠠ ︵ᠡᠮᠡᠭᠲᠡᠶ 25 ᠵᠢᠯ᠂ ᠡᠷᠡᠭᠲᠡᠶ 30 ᠵᠢᠯ ᠬᠦᠷᠦᠭᠰᠡᠨ︶ ᠪᠤᠶᠤ ᠪᠣᠳᠠᠲᠠᠶ ᠵᠠᠷᠤᠳᠠᠯ ᠲᠤᠰᠢᠶᠠᠭᠰᠠᠨ ᠵᠢᠯ ᠬᠤᠭᠤᠴᠠᠭ᠎ᠠ ᠨᠢ ᠨᠡᠶᠢᠲᠡ 15 ᠵᠢᠯ ᠪᠣᠯᠤᠭᠰᠠᠨ ᠪᠠᠶᠢᠪᠠᠯ᠂ ᠨᠠᠰᠤᠨ ᠤ ᠠᠮᠠᠷᠠᠯᠲᠠ ᠠᠪᠤᠭᠰᠠᠨ ᠤ ᠳᠠᠷᠠᠭ᠎ᠠ ᠠᠵᠢᠯᠲᠠᠨ ᠠᠵᠢᠯᠴᠢᠨ ᠬᠤᠪᠢ ᠬᠥᠮᠦᠨ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠵᠠᠷᠤᠳᠠᠯ ᠢ ᠳᠠᠭᠢᠵᠤ ᠲᠤᠰᠢᠶᠠᠬᠤ ᠥᠬᠡᠶ᠂ ᠲᠡᠭᠦᠨ ᠤ ᠤᠤᠯ ᠤᠨ ᠪᠠᠶᠢᠭ᠎ᠠ ᠨᠢᠭᠡᠴᠢ ᠨᠢ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠵᠠᠷᠤᠳᠠᠯ ᠢ ᠦᠷᠭᠦᠯᠵᠢᠯᠡᠨ ᠲᠤᠰᠢᠶᠠᠬᠤ ᠨᠢᠭᠡᠴᠢ ᠬᠡᠰᠡᠭ︔ 2016 ᠤᠨ 1 ᠰᠠᠷ᠎ᠠ ᠶᠢᠨ 1 ᠤ ᠡᠳᠦᠷ ᠠᠴᠠ ᠡᠬᠢᠯᠡᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠬᠡ ᠶᠢᠨ ᠳᠠᠭᠠᠳᠬᠠᠯ ᠳᠤ ᠣᠷᠣᠯᠴᠠᠭᠰᠠᠨ ᠬᠤᠪᠢ ᠬᠥᠮᠦᠨ ᠬᠠᠤᠯᠢ ᠳᠤ ᠲᠣᠭᠲᠠᠭᠠᠭᠰᠠᠨ ᠠᠵᠢᠯ ᠠᠴᠠ ᠪᠠᠭᠤᠬᠤ ᠨᠠᠰᠤᠨ ᠳᠤ ᠬᠦᠷᠴᠦ᠂ ᠲᠡᠷᠡᠴᠢᠯᠡᠨ ᠨᠡᠶᠢᠲᠡ ᠰᠤᠶᠢᠳᠬᠡᠯ ᠲᠤᠰᠢᠶᠠᠭᠰᠠᠨ ᠵᠢᠯ ᠬᠤᠭᠤᠴᠠᠭ᠎ᠠ ᠨᠢ ᠪᠦᠬᠦᠯᠢ 25 ᠵᠢᠯ ᠪᠣᠯᠤᠭᠰᠠᠨ ᠪᠣᠯ᠂ ᠠᠵᠢᠯ ᠡᠴᠠ‌‍ᠪᠠᠨ ᠠᠮᠠᠷᠠᠭᠰᠠᠨ ᠤ ᠳᠠᠷᠠᠭ᠎ᠠ ᠨᠢᠭᠡᠴᠡ ᠪᠣᠯᠤᠨ ᠬᠤᠪᠢ ᠬᠥᠮᠦᠨ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠤᠶᠢᠳᠬᠡᠯ ᠲᠤᠰᠢᠶᠠᠬᠤ ᠦᠭᠡᠶ᠃ 2002 ᠣᠨ ᠠᠴᠠ ᠡᠮᠦᠨ᠎ᠡ ᠠᠵᠢᠯ ᠳᠤ ᠤᠷᠤᠭᠰᠠᠨ ᠤᠨ ᠵᠢᠯ ᠢ ᠵᠠᠷᠤᠳᠠᠯ ᠲᠤᠰᠢᠶᠠᠭᠰᠠᠨ ᠤᠨ ᠵᠢᠯ ᠢᠶᠠᠷ ᠦᠵᠡᠨ᠎ᠡ᠃    ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠭᠰᠠᠨ ᠬᠤᠪᠢ ᠬᠥᠮᠦᠨ ᠤᠯᠤᠰ ᠠᠴᠠ ᠬᠠᠤᠯᠢ ᠳᠤ ᠲᠣᠭᠲᠠᠭᠠᠭᠰᠠᠨ ᠠᠵᠢᠯ ᠠᠴᠠ ᠪᠠᠭᠤᠬᠤ ᠨᠠᠰᠤᠨ ᠳᠤ ᠬᠦᠷᠴᠦ᠂ ᠨᠡᠶᠢᠲᠡ ᠰᠤᠶᠢᠳᠬᠡᠯ ᠲᠤᠰᠢᠶᠠᠭᠰᠠᠨ ᠵᠢᠯ ᠬᠤᠭᠤᠴᠠᠭ᠎ᠠ ᠨᠢ ᠲᠣᠭᠲᠠᠭᠰᠠᠨ ᠵᠢᠯ ᠬᠤᠭᠤᠴᠠᠭ᠎ᠠ ᠳᠤ ᠬᠦᠷᠦᠭᠰᠡᠨ ᠥᠬᠡᠶ ᠪᠤᠯ᠂ ᠳᠡᠭᠡᠷ᠎ᠡ ᠵᠢᠯ ᠤᠨ ᠰᠤᠶᠢᠳᠬᠡᠯ ᠲᠤᠰᠢᠶᠠᠬᠤ ᠪᠠᠷᠢᠮᠵᠢᠶ᠎ᠠ ᠶᠣᠰᠣᠭᠠᠷ ᠦᠯᠡᠳᠡᠭᠰᠡᠨ ᠬᠤᠭᠤᠴᠠᠭᠠᠨ ᠤ ᠲᠤᠰᠢᠶᠠᠬᠤ ᠶᠣᠰᠣᠲᠠᠶ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠰᠤᠶᠢᠳᠬᠡᠯ ᠢ ᠨᠢᠭᠡ ᠯᠡ ᠤᠳᠠᠭ᠎ᠠ ᠳᠤ ᠲᠤᠰᠢᠶᠠᠨ᠎ᠠ︔ ᠪᠠᠰᠠ ᠠᠵᠢᠯᠯᠠᠵᠤ ᠪᠠᠶᠢᠭ᠎ᠠ ᠠᠵᠢᠯᠲᠠᠨ ᠠᠵᠢᠯᠴᠢᠨ ᠢᠶᠠᠷ ᠵᠢᠯ ᠳᠠᠷᠠᠭᠠᠯᠠᠨ ᠲᠤᠰᠢᠶᠠᠯᠭᠠᠵᠤ᠂ ᠬᠤᠭᠤᠴᠠᠭᠠᠨ ᠳᠤ ᠠᠵᠢᠯᠯᠠᠵᠤ ᠪᠠᠶᠢᠭ᠎ᠠ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠬᠠᠷᠠᠭᠠᠯᠵᠠᠯ ᠢ ᠬᠦᠷᠲᠡᠵᠤ ᠪᠣᠯᠤᠨ᠎ᠠ᠃ ᠦᠯᠡᠳᠡᠭᠰᠡᠨ ᠬᠤᠭᠤᠴᠠᠭᠠᠨ ᠤ ᠵᠠᠷᠤᠳᠠᠯ ᠢ ᠨᠥᠬᠦᠵᠦ ᠬᠦᠢᠴᠡᠳᠬᠡᠭᠰᠡᠨ ᠤ ᠳᠠᠷᠠᠭ᠎ᠠ᠂ ᠬᠤᠯᠪᠣᠭᠳᠠᠯ ᠪᠥᠬᠦᠶ ᠲᠣᠭᠲᠠᠭᠠᠯ ᠶᠣᠰᠣᠭᠠᠷ ᠠᠵᠢᠯ ᠠᠴᠠ ᠪᠠᠨ ᠠᠮᠠᠷᠠᠭᠰᠠᠨ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠬᠠᠷᠠᠭᠠᠯᠵᠠᠯ ᠢ ᠬᠦᠷᠲᠡᠭᠡᠨ᠎ᠡ᠃    ︵ᠬᠤᠶᠠᠷ︶ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠤᠯᠭᠤᠮᠵᠢ ᠶᠢᠨ ᠪᠠᠷᠢᠮᠵᠢᠶ᠎ᠠ    1᠂ ᠪᠦᠬᠦ ᠤᠯᠤᠰ ᠠᠴᠠ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠤᠪᠢ ᠬᠥᠮᠦᠨ ᠤ ᠳᠠᠩᠰᠠᠨ ᠡᠷᠦᠬᠡ ᠳᠤ ᠪᠣᠳᠣᠵᠤ ᠣᠷᠣᠭᠤᠯᠬᠤ ᠪᠠᠷᠢᠮᠵᠢᠶ᠎ᠠ᠃ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠠᠵᠢᠯ ᠤᠨ ᠪᠠᠶᠢᠷᠢ ᠳᠤ ᠪᠠᠶᠢᠭ᠎ᠠ ᠠᠵᠢᠯᠲᠠᠨ ᠠᠵᠢᠯᠴᠢᠨ ᠤ ᠬᠤᠪᠢ ᠬᠦ ᠮᠦᠨ‌‍ᠤ ᠲᠠᠩᠰᠠᠨ ᠡᠷᠦᠬᠡ ᠳᠤ ᠣᠷᠣᠭᠤᠯᠬᠤ ᠬᠠᠷᠢᠴᠠᠯ ᠨᠢ 45 ᠨᠠᠰᠤᠨ ᠠᠴᠠ ᠳᠣᠷᠣᠭᠰᠢ ︵45 ᠨᠠᠰᠤ ᠪᠠᠭᠲᠠᠨ᠎ᠠ︶ ᠬᠤᠪᠢ ᠬᠥᠮᠦᠨ ᠤ ᠵᠢᠯ ᠤᠨ ᠰᠤᠶᠢᠳᠭᠡᠯ ᠲᠤᠰᠢᠶᠠᠬᠤ ᠰᠠᠭᠤᠷᠢ ᠲᠤᠭ᠎ᠠ ᠶᠢᠨ 3.5% ᠪᠣᠯᠤᠨ᠎ᠠ︔ 45 ᠨᠠᠰᠤᠨ ᠠᠴᠠ ᠳᠡᠭᠡᠭᠰᠢᠬᠢ ᠨᠠᠰᠤᠨ ᠤ ᠠᠮᠠᠷᠠᠯᠲᠠ ᠠᠪᠬᠤ ᠠᠴᠠ ᠠᠪᠤᠭᠠᠳ ᠲᠣᠰ ᠬᠥᠮᠦᠨ ᠤ ᠵᠢᠯ ᠤᠨ ᠰᠦᠶ᠋ᠳᠬᠡᠯ ᠳᠤᠰᠢᠶᠠᠬᠤ ᠰᠠᠭᠤᠷᠢ ᠲᠣᠭᠠᠨ ᠤ 3.55% ᠳᠤ ᠬᠤᠪᠢᠶᠠᠷᠢᠯᠠᠨ ᠣᠷᠣᠭᠤᠯᠪᠠ︔ ᠠᠵᠢᠯ ᠡᠴᠠ‌‍ᠪᠠᠨ ᠠᠮᠠᠷᠠᠭᠰᠠᠳ ︵ᠤᠯᠤᠰ ᠤᠨ ᠥᠮᠴᠢᠯᠡᠯᠲᠦ ᠡᠭᠦᠳᠡ ᠪᠠᠨ ᠬᠠᠭᠠᠵᠤ ᠳᠠᠮᠫᠤᠷᠠᠭᠰᠠᠨ ᠠᠵᠤ ᠠᠬᠤᠶᠢᠯᠠᠯ ᠪᠠᠭᠲᠠᠬᠤ ᠥᠬᠡᠶ︶ ᠢ ᠲᠣᠰ ᠬᠥᠮᠦᠨ ᠤ ᠵᠢᠯ ᠤᠨ  ᠰᠤᠶᠢᠳᠬᠡᠯ ᠲᠤᠰᠢᠶᠠᠬᠤ ᠰᠠᠭᠤᠷᠢ ᠲᠣᠭᠠᠨ ᠤ 3.6% ᠳᠤ ᠬᠤᠪᠢᠶᠠᠷᠢᠯᠠᠨ ᠣᠷᠣᠭᠤᠯᠪᠠ︔ ᠵᠠᠰᠠᠭ ᠵᠠᠬᠢᠷᠭ᠎ᠠ ᠠᠵᠢᠯ ᠦᠢᠯᠡᠰ ᠤᠨ ᠨᠢᠭᠡᠴᠡ ᠶᠢᠨ ᠰᠣᠶᠣᠯ ᠤᠨ ᠬᠤᠪᠢᠰᠬᠠᠯ ᠤᠨ ᠰᠠᠭᠤᠷᠢ ᠵᠡᠮᠳᠡᠭᠴᠦᠳ ᠲᠤ ᠲᠤᠰ ᠬᠥᠮᠦᠨ ᠤ ᠵᠢᠯ ᠤᠨ ᠰᠦᠢᠳᠬᠡᠯ ᠲᠤᠰᠢᠶᠠᠬᠤ ᠰᠠᠭᠤᠷᠢ ᠲᠣᠭᠠᠨ ᠤ 3.65% ᠳᠤ ᠬᠤᠪᠢᠶᠠᠷᠢᠯᠠᠨ ᠣᠷᠣᠭᠤᠯᠵᠤ᠂ ᠠᠵᠤ ᠠᠬᠤᠶᠢᠯᠠᠯ ᠤᠨ ᠰᠣᠶᠣᠯ ᠤᠨ ᠬᠤᠪᠢᠰᠬᠠᠯ ᠤᠨ ᠰᠠᠭᠤᠷᠢ ᠵᠡᠮᠳᠡᠭᠴᠦᠳ ᠲᠤ ᠲᠣᠰ ᠬᠥᠮᠦᠨ ᠤ ᠵᠢᠯ ᠤᠨ ᠰᠤᠶᠢᠳᠬᠡᠯ  ᠳᠤᠰᠢᠶᠠᠬᠤ ᠰᠠᠭᠤᠷᠢ ᠲᠣᠭᠠᠨ ᠤ 8.1% ᠳᠤ ᠬᠤᠪᠢᠶᠠᠷᠢᠯᠠᠨ ᠣᠷᠣᠭᠤᠯᠤᠨ᠎ᠠ᠃ ︵ᠬᠤᠪᠢ ᠬᠥᠮᠦᠨ ᠤ ᠲᠠᠩᠰᠠᠨ ᠳᠤ ᠪᠤᠳᠤᠵᠤ ᠣᠷᠣᠭᠤᠯᠬᠤ ᠪᠠᠷᠢᠮᠵᠢᠶ᠎ᠠ ᠶᠢ 2021 ᠣᠨ ᠤ 1 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ︶    2᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠵᠠᠬ᠎ᠠ ᠳᠡᠯᠭᠡᠭᠦᠷ ᠲᠤ ᠰᠢᠯᠵᠢᠭᠦᠯᠦᠨ ᠡᠮᠨᠡᠭᠦᠯᠬᠦ ᠠᠴᠠ ᠭᠠᠳᠠᠨ᠎ᠠ ᠡᠮᠨᠡᠯᠭᠡ ᠳᠤ ᠰᠠᠭᠤᠭᠰᠠᠨ ᠡᠬᠢᠯᠡᠵᠦ ᠥᠭᠬᠦ ᠱᠤᠭᠤᠮ ᠤᠨ ᠪᠠᠷᠢᠮᠵᠢᠶ᠎ᠠ᠃    ᠡᠮᠴᠢᠯᠡᠭᠡᠨ ᠤ ᠪᠠᠢᠭᠤᠯᠤᠮᠵᠢ ᠡᠬᠢᠯᠡᠵᠦ ᠥᠭᠬᠦ ᠱᠤᠭᠤᠮ  ᠳᠠᠩᠰᠠ ᠲᠠᠶᠢᠯᠬᠤ ᠬᠠᠷᠢᠴᠠᠯ    ᠣᠷᠣᠨ ᠤ ᠳᠣᠲᠣᠷᠠᠬᠢ ᠡᠮᠨᠡᠯᠭᠡ ᠶᠢᠨ ᠬᠤᠷᠢᠶ᠎ᠠ 1500 ᠲᠥᠭᠦᠷᠢᠭ ᠤᠤᠯ ᠤᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠲᠣᠭᠤᠷᠢᠭ ᠤᠨ ᠭᠠᠳᠠᠨᠠᠬᠢ ᠡᠮᠨᠡᠯᠭᠡ ᠶᠢᠨ ᠬᠤᠷᠢᠶ᠎ᠠ 2000 ᠲᠥᠭᠦᠷᠢᠭ︶     3᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠡᠮ ᠡᠮᠨᠡᠯᠭᠡ ᠶᠢᠨ ᠳᠠᠭᠠᠳᠬᠠᠯ ᠤᠨ ᠬᠠᠮᠤᠭ ᠥᠨᠳᠥᠷ ᠥᠭᠬᠦ ᠬᠢᠵᠠᠭᠠᠷ ᠲᠤᠭ᠎ᠠ ᠶᠢᠨ ᠪᠠᠷᠢᠮᠵᠢᠶ᠎ᠠ᠃ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ︵ᠬᠦᠨᠳᠦ ᠡᠪᠡᠳᠴᠢᠨ ᠤ ᠳᠠᠭᠠᠭᠳᠬᠠᠯ ᠪᠠᠭᠲᠠᠨ᠎ᠠ︶ ᠤᠨ ᠳᠠᠭᠠᠳᠬᠠᠯ ᠳᠤ ᠣᠷᠣᠯᠴᠠᠭᠰᠠᠨ ᠨᠢᠭᠡ ᠵᠢᠯ ᠤᠨ ᠳᠣᠲᠣᠷ᠎ᠠ ᠬᠠᠮᠤᠭ ᠤᠨ ᠥᠨᠳᠥᠷ ᠵᠠᠷᠤᠴᠠᠭᠤᠯᠬᠤ ᠬᠢᠵᠠᠭᠠᠷ ᠲᠤᠭ᠎ᠠ ᠨᠢ 26 ᠲᠦᠮᠡᠨ ᠲᠥᠭᠦᠷᠢᠭ᠂ ᠶᠡᠭᠡ ᠲᠣᠭᠠᠨ ᠤ ᠡᠮ ᠡᠮᠨᠡᠯᠭᠡ ᠶᠢᠨ ᠳᠠᠭᠠᠳᠬᠠᠯ ᠤᠨ ᠬᠠᠮᠤᠭ ᠥᠨᠳᠥᠷ ᠥᠭᠬᠦ ᠬᠢᠵᠠᠭᠠᠷ ᠲᠤᠭ᠎ᠠ ᠨᠢ 12 ᠲᠦᠮᠡᠨ ᠲᠦᠭᠦᠷᠢᠭ ᠪᠣᠯᠤᠨ᠎ᠠ᠃ ᠳᠠᠭᠠᠳᠬᠠᠯ ᠳᠤ ᠣᠷᠣᠯᠴᠠᠭᠰᠠᠨ ᠠᠵᠢᠯᠲᠠᠨ ᠠᠵᠢᠯᠴᠢᠨ ᠤ ᠨᠢᠭᠡ ᠳᠠᠭᠠᠳᠬᠠᠯ ᠳᠤ ᠣᠷᠣᠯᠴᠠᠭᠰᠠᠨ ᠤᠨ ᠳᠣᠲᠣᠷᠠᠬᠢ ᠡᠮ ᠡᠮᠨᠡᠯᠭᠡ ᠶᠢᠨ ᠵᠠᠷᠤᠳᠠᠯ ᠤᠨ ᠡᠮᠨᠡᠯᠭᠡ ᠶᠢᠨ ᠳᠠᠭᠠᠳᠬᠠᠯ ᠤᠨ ᠨᠡᠶᠢᠲᠡ ᠬᠠᠮᠤᠭ ᠥᠨᠳᠥᠷ ᠥᠭᠬᠦ ᠬᠢᠵᠠᠭᠠᠷ ᠲᠤᠭ᠎ᠠ ᠨᠢ 38 ᠲᠦᠮᠡᠨ ᠲᠥᠭᠦᠷᠢᠭ᠂ ᠬᠠᠮᠤᠭ ᠥᠨᠳᠥᠷ ᠥᠭᠬᠦ ᠬᠢᠵᠠᠭᠠᠷ ᠲᠤᠭ᠎ᠠ ᠠᠴᠠ ᠬᠡᠲᠦᠷᠡᠭᠰᠡᠨ ᠡᠮ ᠡᠮᠨᠡᠯᠭᠡ ᠶᠢᠨ ᠳᠠᠭᠠᠳᠬᠠᠯ ᠤᠨ ᠵᠠᠷᠤᠳᠠᠯ ᠤᠨ ᠳᠣᠲᠣᠷ᠎ᠠ ᠳᠠᠬᠢᠵᠤ ᠳᠠᠩᠰᠠᠨ ᠠᠴᠠ ᠲᠠᠶᠢᠯᠬᠤ ᠦᠭᠡᠢ᠃    4. ᠡᠮᠨᠡᠯᠭᠡ ᠳᠤ ᠰᠠᠭᠤᠭᠰᠠᠨ ᠣᠨᠴᠠᠭᠠᠶ ᠪᠠᠶᠢᠴᠠᠭᠠᠯᠲᠠ᠂ ᠣᠨᠴᠠᠭᠠᠶ ᠡᠮᠴᠢᠯᠡᠭᠡ ᠵᠢᠴᠢ ᠣᠨᠴᠠᠭᠠᠶ ᠮᠠᠲ᠋ᠧᠷᠢᠶᠠᠯ ᠤᠨ ᠥᠭᠬᠦ ᠪᠠᠷᠢᠮᠵᠢᠶ᠎ᠠ᠃ ᠳᠠᠭᠠᠳᠬᠠᠯ ᠳᠤ ᠣᠷᠣᠯᠴᠠᠭᠰᠠᠨ ᠠᠵᠢᠯᠲᠠᠨ ᠠᠵᠢᠯᠴᠢᠨ ᠤ ᠡᠮᠨᠡᠯᠭᠡ ᠳᠤ ᠰᠠᠭᠤᠬᠤ ᠬᠤᠭᠤᠴᠠᠭᠠᠨ ᠳᠠᠬᠢ ᠣᠨᠴᠠᠭᠠᠢ ᠪᠠᠶᠢᠴᠠᠭᠠᠯᠲᠠ᠂ ᠣᠨᠴᠠᠭᠠᠢ ᠵᠠᠰᠠᠯᠲᠠ ᠳᠤ ᠡᠭᠦᠰᠦᠭᠰᠡᠨ ᠵᠠᠷᠤᠳᠠᠯ ᠢ ᠤᠷᠢᠳᠠᠪᠠᠷ ᠥᠪᠡᠷᠲᠡᠭᠡᠨ 20% ᠪᠠᠷ  ᠳᠤᠰᠢᠶᠠᠵᠤ᠂ ᠦᠯᠡᠳᠡᠭᠰᠡᠨ ᠵᠠᠷᠤᠳᠠᠯ ᠢ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠨᠢᠭᠡᠳᠦᠯᠲᠡᠶ ᠲᠥᠯᠥᠪᠯᠡᠬᠦ ᠰᠠᠭᠤᠷᠢ ᠮᠥᠩᠭᠦ ᠶᠢᠨ ᠳᠥᠯᠥᠬᠦ ᠪᠠᠷᠢᠮᠵᠢᠶ᠎ᠠ ᠶᠣᠰᠣᠭᠠᠷ ᠬᠡᠰᠡᠭ ᠬᠤᠪᠢᠶᠠᠨ ᠳᠠᠩᠰᠠ ᠲᠠᠶᠢᠯᠬᠤ ᠬᠡᠷᠡᠭᠲᠡᠶ︔ ᠤᠯᠤᠰ ᠲᠠᠭᠠᠨ ᠣᠶᠢᠯᠡᠳᠪᠤᠷᠢᠯᠡᠭᠰᠡᠨ ᠣᠨᠴᠠᠭᠠᠶ ᠮᠠᠲ᠋ᠧᠷᠢᠶᠠᠯ ᠤᠨ ᠵᠠᠷᠤᠳᠠᠯ ᠢ ᠤᠷᠢᠳᠠᠪᠠᠷ ᠥᠪᠡᠰᠦᠪᠡᠨ 20% ᠪᠠᠷ ᠳᠤᠰᠢᠶᠠᠵᠤ᠂ ᠦᠯᠡᠳᠡᠭᠰᠡᠨ ᠵᠠᠷᠤᠳᠠᠯ ᠢ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠦᠨᠳᠦᠰᠦᠨ ᠳᠠᠭᠠᠳᠬᠠᠯ ᠤᠨ ᠨᠢᠭᠡᠳᠦᠯᠲᠡᠶ ᠲᠥᠯᠥᠪᠯᠡᠬᠦ ᠰᠠᠭᠤᠷᠢ ᠮᠥᠩᠭᠦ ᠶᠢᠨ ᠳᠥᠯᠥᠬᠦ ᠪᠠᠷᠢᠮᠵᠢᠶ᠎ᠠ ᠶᠣᠰᠣᠭᠠᠷ ᠬᠡᠰᠡᠭ ᠬᠤᠪᠢᠶᠠᠨ ᠲᠠᠩᠰᠠ ᠲᠠᠶᠢᠯᠬᠤ ᠬᠡᠷᠡᠭᠲᠡᠶ︔ ᠭᠠᠳᠠᠭᠠᠳᠤ ᠠᠴᠠ ᠣᠷᠣᠭᠤᠯᠤᠭᠰᠠᠨ ᠣᠨᠴᠣᠭᠤᠶ ᠮᠠᠲ᠋ᠧᠷᠢᠶᠠᠯ ᠤᠨ ᠵᠠᠷᠤᠳᠠᠯ ᠢ ᠤᠷᠢᠳᠠᠪᠠᠷ ᠥᠪᠡᠷ ᠢᠶᠠᠷ 50% ᠪᠠᠷ  ᠳᠤᠰᠢᠶᠠᠵᠤ᠂ ᠦᠯᠡᠳᠡᠪᠦᠷᠢ ᠵᠠᠷᠤᠳᠠᠯ ᠢ ᠬᠤᠲᠠ ᠪᠠᠯᠭᠠᠰᠤ ᠶᠢᠨ ᠠᠵᠢᠯᠲᠠᠨ ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠭᠡᠳᠦᠯᠲᠡᠶ ᠲᠥᠯᠥᠪᠯᠡᠬᠦ ᠰᠠᠭᠤᠷᠢ ᠮᠥᠩᠭᠦ ᠶᠢᠨ ᠥᠭᠬᠦ ᠪᠠᠷᠢᠮᠵᠢᠶ᠎ᠠ ᠶᠣᠰᠣᠭᠠᠷ ᠬᠡᠰᠡᠭ ᠬᠤᠪᠢᠶᠠᠨ ᠳᠠᠩᠰᠠ ᠲᠠᠶᠢᠯᠬᠤ ᠬᠡᠷᠡᠭᠲᠡᠶ᠃    5᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ ᠢ ᠲᠥᠯᠥᠬᠦ ᠪᠠᠷᠢᠮᠵᠢᠶ᠎ᠠ᠃ ᠠᠵᠢᠯᠲᠠᠨ ᠠᠵᠢᠯᠴᠢᠨ ᠤ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ ᠤ ᠤᠤᠯ ᠬᠥᠬᠡᠭᠴᠢᠨ ᠲᠥᠷᠥᠯ ᠤᠨ ᠡᠪᠡᠳᠴᠢᠨ ᠤ ᠵᠣᠶᠢᠯ ᠤᠨ ᠳᠠᠬᠢᠨ ᠤᠷᠭᠤᠬᠤ ᠰᠠᠭᠠᠲᠠᠯ ᠤᠨ ᠴᠢᠨᠠᠷᠲᠠᠶ ᠴᠢᠰᠤ ᠳᠤᠲᠠᠬᠤ᠂ ᠳᠤᠮᠳᠠ ᠴᠢᠮᠥᠭᠡᠨ ᠤ  ᠶᠠᠰᠤ ᠦᠬᠦᠵᠢᠬᠦ᠂ ᠰᠢᠰᠲ᠋ᠧᠮᠲᠦ ᠴᠢᠨᠠᠷᠲᠠᠶ ᠤᠯᠠᠭᠠᠨ ᠲᠣᠯᠪᠣᠲᠤ ᠴᠢᠨ᠋ᠸ᠎ᠠ ᠶᠢᠨ ᠶᠠᠷ᠎ᠠ᠂ ᠬᠦᠨᠳᠦ ᠡᠪᠡᠳᠴᠢᠨ ᠤ ᠪᠤᠯᠴᠢᠩ ᠬᠦᠴᠦ ᠥᠬᠡᠶ ᠪᠣᠯᠬᠤ ᠶᠢ ᠬᠥᠬᠡ ᠲᠥᠷᠥᠯ ᠤᠨ ᠡᠪᠡᠳᠴᠢᠨ ᠤ ᠵᠣᠶᠢᠯ ᠪᠣᠯᠭᠠᠨ ᠳᠣᠭᠢᠷᠠᠭᠤᠯᠤᠨ᠎ᠠ︔ ᠠᠩᠬᠠᠨ ᠤ C ᠲᠥᠷᠥᠯ ᠤᠨ ᠡᠪᠡᠳᠴᠢᠨ ᠤ ᠲᠥᠷᠥᠯ ᠤᠨ ᠸᠢᠷᠦ᠋ᠰ ᠤᠨ ᠴᠢᠨᠠᠷᠲᠠᠢ ᠡᠯᠢᠭᠡᠨ ᠦᠷᠪᠢᠰᠦᠯ ᠳᠤ ᠬᠠᠲᠠᠭᠤᠷᠠᠬᠤ᠂ ᠲᠤᠯᠠᠢ ᠡᠪᠡᠳᠴᠢᠨ ︵ᠬᠥᠳᠡᠯᠬᠦ ᠬᠤᠭᠤᠴᠠᠭ᠎ᠠ︶ ᠨᠢ ᠬᠥᠬᠡᠭᠴᠢᠨ ᠲᠥᠷᠥᠯ ᠤᠨ ᠡᠪᠡᠳᠴᠢᠨ ᠤ ᠲᠥᠷᠥᠯ ᠳᠤ ᠳᠤᠬᠢᠷᠠᠭᠤᠯᠤᠨ᠎ᠠ᠃ ᠸᠢᠷᠦ᠋ᠰ ᠤᠨ ᠴᠢᠨᠠᠷᠲᠠᠢ ᠡᠯᠢᠭᠡᠨ ᠦᠷᠪᠢᠰᠦᠯ ᠳᠤ ᠬᠠᠲᠠᠭᠤᠷᠠᠬᠤ ᠡᠪᠡᠳᠴᠢᠨ ᠤ ᠵᠦᠢᠯ ᠤᠨ ᠨᠡᠷᠡᠶᠢᠳᠦᠯ ᠢ ᠨᠡᠩ ᠴᠤ ᠡᠯᠢᠭᠡᠨ ᠬᠠᠲᠠᠭᠤᠷᠠᠯ ᠭᠡᠵᠦ ᠥᠭᠡᠷᠡᠴᠢᠯᠡᠨ᠎ᠡ᠃ ᠤᠯᠠᠭᠠᠨ ᠲᠦᠷᠦᠯ ᠤᠨ ᠡᠪᠡᠳᠴᠢᠨ ᠤ ᠲᠦᠷᠦᠯ ᠨᠢ ᠰᠤᠳᠠᠯ ᠤᠨ ᠦᠷᠪᠢᠰᠦᠯ᠂ ᠮᠥᠩᠭᠦᠨ ᠦᠷᠦᠪᠳᠡᠰᠦ ᠶᠢᠨ ᠡᠪᠡᠳᠴᠢᠨ᠂ ᠬᠥᠬᠡᠭᠴᠢᠨ ᠬᠡᠯᠪᠡᠷᠢ ᠶᠢᠨ ᠸᠢᠷᠦ᠋ᠰ ᠤᠨ ᠴᠢᠨᠠᠷᠲᠠᠢ ᠡᠯᠢᠭᠡᠨ ᠦᠷᠪᠢᠰᠦᠯ ︵ᠡᠮ ᠢᠶᠠᠷ ᠵᠠᠰᠠᠬᠤ︶᠂ ᠬᠥᠰᠢᠬᠦ ᠴᠢᠨᠠᠷᠲᠠᠢ ᠪᠠᠭᠠᠨ᠎ᠠ ᠨᠢᠷᠤᠭᠤᠨ ᠤ ᠦᠷᠪᠢᠰᠦᠯ ᠢ ᠰᠢᠨ᠎ᠡ ᠪᠠᠷ ᠨᠡᠮᠡᠭᠳᠡᠭᠦᠯᠦᠨ᠎ᠡ᠃ ᠠᠵᠢᠯᠲᠠᠨ ᠠᠵᠢᠯᠴᠢᠨ ᠤ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠨ ᠤ ᠡᠬᠢᠯᠡᠵᠦ ᠥᠭᠬᠦ ᠱᠤᠭᠤᠮ ᠢ ᠮᠦᠨ ᠤᠤᠯ ᠤᠨ ᠪᠠᠷᠢᠮᠵᠢᠶ᠎ᠠ ᠶᠣᠰᠣᠭᠠᠷ ᠬᠡᠷᠡᠭᠵᠢᠭᠦᠯᠵᠦ᠂ ᠳᠠᠭᠠᠳᠬᠠᠯ ᠳᠤ ᠣᠷᠣᠯᠴᠠᠭᠰᠠᠨ ᠨᠢᠭᠡ ᠵᠢᠯ ᠤᠨ ᠳᠣᠲᠣᠷ᠎ᠠ ᠵᠥᠪᠬᠡᠨ ᠨᠢᠭᠡ ᠯᠡ ᠤᠳᠠᠭ᠎ᠠ ᠡᠬᠢᠯᠡᠵᠦ ᠥᠭᠬᠦ ᠱᠤᠭᠤᠮ ᠢ ᠬᠠᠰᠤᠨ᠎ᠠ᠃    ᠳᠥᠷᠪᠡ᠂ ᠬᠤᠲᠠ ᠪᠠᠯᠭᠠᠰᠤ ᠶᠢᠨ ᠠᠵᠢᠯᠲᠠᠨ ᠠᠵᠢᠯᠴᠢᠨ ᠤ ᠦᠨᠳᠦᠰᠦᠨ ᠡᠮᠴᠢᠯᠡᠭᠡ ᠶᠢᠨ ᠳᠠᠭᠠᠳᠬᠠᠯ ᠤᠨ ᠰᠠᠭᠤᠷᠢ ᠮᠦᠩᠭᠦ ᠶᠢᠨ ᠬᠠᠮᠢᠶᠠᠷᠤᠯᠲᠠ ᠶᠢ ᠴᠢᠩᠭᠠᠳᠬᠠᠨ᠎ᠠ    ︽ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ᠂ ᠱᠠᠲᠤ ᠬᠤᠪᠢᠶᠠᠨ ᠡᠭᠦᠷᠭᠡᠯᠡᠬᠦ᠂ ᠣᠷᠣᠯᠭ᠎ᠠ ᠪᠠᠷ ᠵᠠᠷᠤᠯᠭ᠎ᠠ ᠶᠢ ᠲᠣᠭᠲᠠᠭᠠᠬᠤ᠂ ᠣᠷᠣᠯᠭ᠎ᠠ ᠵᠠᠷᠤᠯᠭ᠎ᠠ ᠶᠢ ᠲᠡᠩᠴᠡᠭᠦᠷᠢᠲᠡᠶ ᠪᠠᠶᠢᠯᠭᠠᠬᠤ᠂ ᠪᠠᠭ᠎ᠠ ᠦᠯᠡᠳᠡᠪᠦᠷᠢ ᠲᠠᠢ ᠪᠠᠶᠢᠯᠭᠠᠬᠤ︾ ᠵᠠᠷᠴᠢᠮ ᠤᠨ ᠶᠣᠰᠣᠭᠠᠷ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢ ᠬᠠᠮᠢᠶᠠᠷᠬᠤ ᠪᠠ ᠬᠡᠷᠡᠭᠯᠡᠬᠦ ᠬᠡᠷᠡᠭᠲᠡᠶ᠃ ᠪᠦᠬᠦ ᠬᠤᠲᠠ ᠶᠢᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠦᠩᠭᠦ ᠶᠢ ᠬᠤᠲᠠ ᠶᠢᠨ ᠡᠳ᠋ ᠤᠨ ᠵᠠᠰᠠᠭ ᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢᠨ ᠲᠤᠰᠬᠠᠢ ᠡᠷᠦᠬᠡ ᠳᠤ ᠣᠷᠣᠭᠤᠯᠵᠤ᠂ ᠣᠷᠣᠯᠭ᠎ᠠ ᠵᠠᠷᠤᠯᠭ᠎ᠠ ᠶᠢ ᠠᠰ ᠠᠰ‌‍ᠲ᠋ᠤᠨᠢ ᠪᠠᠶᠢᠯᠭᠠᠬᠤ ᠬᠠᠮᠢᠶᠠᠷᠤᠯᠲᠠ ᠶᠢ ᠬᠡᠷᠡᠭᠵᠢᠭᠦᠯᠵᠦ᠂ ᠲᠤᠰᠠᠭᠠᠷ ᠳᠠᠩᠰᠠ ᠪᠠᠶᠢᠭᠤᠯᠬᠤ᠂ ᠳᠠᠩᠰᠠ ᠬᠤᠪᠢᠶᠠᠨ ᠲᠣᠭᠠᠴᠠᠭ᠎ᠠ ᠬᠢᠬᠦ᠂ ᠲᠤᠰᠬᠠᠶ ᠵᠣᠭᠤᠰ ᠢ ᠲᠤᠰᠬᠠᠶ ᠬᠡᠷᠡᠭᠯᠡᠬᠦ ᠤᠯᠤᠰ ᠤᠨ ᠨᠢᠭᠡᠳᠦᠯᠲᠡᠶ ᠰᠠᠭᠤᠷᠢ ᠮᠥᠩᠭᠦᠨ ᠤ ᠡᠳ᠋ ᠤᠨ ᠶᠠᠪᠤᠳᠠᠯ ᠤᠨ ᠲᠦᠷᠢᠮ᠂ ᠨᠢᠭᠲᠠᠯᠠᠨ ᠪᠤᠳᠤᠬᠤ ᠲᠦᠷᠢᠮ ᠪᠠ ᠲᠥᠰᠦᠪ ᠪᠠ ᠲᠥᠰᠦᠪ ᠤᠨ ᠬᠦᠢᠴᠡᠳᠬᠡᠯ ᠤᠨ ᠲᠦᠷᠢᠮ ᠢ ᠬᠡᠷᠡᠭᠵᠢᠭᠦᠯᠦᠨ᠎ᠡ᠃ ᠱᠠᠲᠤ ᠬᠤᠪᠢᠶᠠᠨ ᠬᠠᠮᠢᠶᠠᠷᠬᠤ᠂ ᠠᠶᠤᠯ ᠲᠦᠭᠰᠢᠭᠦᠷᠢ ᠶᠢ ᠬᠠᠮᠲᠤᠪᠠᠷ ᠡᠭᠦᠷᠭᠡᠯᠡᠬᠦ ᠶᠢ ᠪᠠᠷᠢᠮᠲᠠᠯᠠᠨ᠎ᠠ᠃ ᠬᠤᠰᠢᠭᠤ ᠰᠢᠶᠠᠨ ᠬᠤᠲᠠ ᠲᠣᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠲᠠᠲᠠᠪᠤᠷᠢᠯᠠᠬᠤ᠂ ᠬᠢᠨᠠᠨ ᠬᠠᠮᠢᠶᠠᠷᠬᠤ᠂ ᠵᠠᠷᠤᠯᠭ᠎ᠠ ᠪᠠ ᠡᠮ ᠡᠮᠨᠡᠯᠭᠡ ᠶᠢᠨ ᠵᠠᠷᠤᠳᠠᠯ ᠢ ᠬᠢᠵᠠᠭᠠᠷᠯᠠᠬᠤ ᠵᠡᠷᠭᠡ ᠭᠦᠢᠴᠡᠳᠬᠡᠯ ᠲᠤᠭ᠎ᠠ ᠶᠢ ᠬᠢᠨᠠᠨ ᠰᠢᠯᠭᠠᠬᠤ ᠶᠢ ᠴᠢᠩᠭᠠᠳᠬᠠᠵᠤ᠂ ᠤᠷᠮᠠᠰᠢᠭᠤᠯᠬᠤ ᠪᠠ ᠬᠢᠵᠠᠭᠠᠷᠯᠠᠬᠤ ᠲᠣᠭᠲᠠᠴᠠ ᠪᠠ ᠬᠤᠲᠠ᠂ ᠬᠤᠰᠢᠭᠤ ᠰᠢᠶᠠᠨ ᠬᠤᠲᠠ ᠲᠣᠭᠤᠷᠢᠭ ᠬᠤᠶᠠᠷ ᠱᠠᠲᠤᠨ ᠤ ᠲᠦᠭᠰᠢᠭᠦᠷᠢ ᠶᠢ ᠬᠠᠮᠲᠤᠪᠠᠷ ᠡᠭᠦᠷᠭᠡᠯᠡᠬᠦ ᠲᠣᠭᠲᠠᠴᠠ ᠶᠢ ᠪᠠᠶᠢᠭᠤᠯᠤᠨ᠎ᠠ᠃    ︵ᠨᠢᠭᠡ︶ ᠰᠠᠭᠤᠷᠢ ᠮᠥᠩᠭᠦᠨ ᠤ ᠬᠠᠮᠢᠶᠠᠷᠤᠯᠲᠠ    1᠂ ᠠᠷᠠᠳ ᠤᠨ ᠡᠳᠦᠷ ᠤᠨ ᠰᠣᠨᠢᠨ ᠤ ᠰᠢᠭᠦᠮᠵᠢᠯᠡᠭᠴᠢ ᠰᠠᠭᠤᠷᠢ ᠮᠥᠩᠭᠦᠨ ᠤ ᠬᠠᠮᠢᠶᠠᠷᠤᠯᠲᠠ ᠶᠢ ᠨᠢᠭᠡᠳᠬᠡᠨ᠎ᠡ᠃ ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠳᠤ ᠬᠤᠲᠠ ᠶᠢᠨ ᠱᠠᠲᠤᠨ ᠤ ᠡᠳ᠋ ᠤᠨ ᠵᠠᠰᠠᠭ ᠤᠨ ᠲᠤᠰᠬᠠᠶ ᠡᠷᠦᠬᠡ ᠶᠢᠨ ᠬᠠᠮᠢᠶᠠᠷᠤᠯᠲᠠ ᠶᠢ ᠬᠡᠷᠡᠭᠵᠢᠭᠦᠯᠦᠨ᠎ᠡ᠃ ᠡᠯ᠎ᠡ ᠬᠤᠰᠢᠭᠤ ᠰᠢᠶᠠᠨ ᠬᠤᠲᠠ ᠲᠣᠭᠤᠷᠢᠭ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠦᠩᠭᠦ ᠶᠢ ᠪᠦᠬᠦ ᠲᠤᠭ᠎ᠠ ᠪᠠᠷ ᠲᠠᠲᠠᠪᠤᠷᠢᠯᠠᠨ ᠲᠤᠰᠢᠶᠠᠬᠤ ᠶᠢ ᠬᠠᠷᠢᠭᠤᠴᠠᠵᠤ᠂ ᠲᠡᠷᠡᠴᠢᠯᠡᠨ 2020 ᠣᠨ ᠤ 8 ᠰᠠᠷ᠎ᠠ ᠶᠢᠨ 1 ᠤ ᠡᠳᠦᠷ ᠠᠴᠠ ᠡᠬᠢᠯᠡᠨ᠂ ᠰᠠᠷ᠎ᠠ ᠪᠠᠷ ᠬᠤᠲᠠ ᠶᠢᠨ ᠱᠠᠲᠤᠨ ᠤ ᠡᠳ᠋ ᠤᠨ ᠵᠠᠰᠠᠭ ᠤᠨ ᠲᠤᠰᠬᠠᠶ ᠲᠠᠩᠰᠠᠨ ᠡᠷᠦᠬᠡ ᠳᠤ ᠴᠠᠭ ᠲᠤᠬᠠᠶ ᠳᠤᠨᠢ ᠮᠡᠳᠡᠭᠦᠯᠦᠨ᠎ᠡ᠃    ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠰᠠᠯᠠᠭ᠎ᠠ ᠮᠥᠴᠢᠷ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢᠨ ᠲᠥᠰᠦᠪ ᠪᠠ ᠲᠥᠰᠦᠪ‌‍ᠤᠨ ᠭᠦᠢᠴᠡᠳᠬᠡᠯ ᠢ ᠨᠠᠶᠢᠷᠠᠭᠤᠯᠤᠨ ᠵᠣᠬᠢᠶᠠᠬᠤ ᠶᠢ ᠬᠠᠷᠢᠭᠤᠴᠠᠵᠤ᠂ ᠡᠭᠦᠨ ᠤ ᠳᠤ ᠬᠠᠮᠲᠤ ᠲᠤᠬᠠᠶ ᠶᠢᠨ ᠭᠠᠵᠠᠷ ᠤᠨ ᠡᠳ᠋ ᠤᠨ ᠵᠠᠰᠠᠭ ᠤᠨ ᠲᠣᠪᠴᠢᠶ᠎ᠠ ᠪᠣᠯᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠬᠠᠮᠲᠤᠪᠠᠷ ᠬᠢᠨᠠᠨ ᠬᠠᠷᠭᠤᠭᠤᠯᠤᠭᠰᠠᠨ ᠤ ᠳᠠᠷᠠᠭ᠎ᠠ ᠬᠤᠲᠠ ᠶᠢᠨ ᠡᠳ᠋ ᠤᠨ ᠵᠠᠰᠠᠭ ᠤᠨ ᠲᠤᠪᠴᠢᠶ᠎ᠠ ᠪᠣᠯᠤᠨ ᠬᠤᠲᠠ ᠶᠢᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ᠂ ᠬᠤᠲᠠ ᠶᠢᠨ ᠡᠳ᠋ ᠤᠨ ᠵᠠᠰᠠᠭ ᠤᠨ ᠲᠤᠪᠴᠢᠶ᠎ᠠ᠂ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠬᠢᠨᠠᠨ ᠬᠠᠷᠭᠤᠭᠤᠯᠤᠭᠰᠠᠨ ᠤ ᠳᠠᠷᠠᠭ᠎ᠠ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠤᠨ ᠣᠷᠣᠯᠭ᠎ᠠ ᠵᠠᠷᠤᠯᠭ᠎ᠠ ᠶᠢᠨ ᠲᠥᠯᠥᠪᠯᠡᠭᠡ ᠶᠢ ᠴᠤᠬᠤᠯᠠᠪᠤᠷᠢᠯᠠᠨ᠎ᠠ᠃ ᠬᠤᠲᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠰᠠᠭᠤᠷᠢ ᠮᠥᠩᠭᠦᠨ ᠤ ᠲᠥᠰᠦᠪ ᠢ ᠦᠨᠳᠦᠰᠦᠯᠡᠨ᠂ ᠡᠯ᠎ᠡ ᠭᠠᠵᠠᠷ ᠤᠨ ᠵᠠᠷᠤᠯᠭ᠎ᠠ ᠶᠢᠨ ᠬᠡᠷᠡᠭᠴᠡᠭᠡ ᠱᠠᠭᠠᠷᠳᠠᠯᠭ᠎ᠠ ᠶᠢ ᠴᠠᠭ ᠲᠤᠨᠢ ᠲᠤᠬᠢᠷᠠᠭᠤᠯᠤᠨ ᠬᠤᠷᠢᠶᠠᠩᠭᠤᠶᠢᠯᠠᠨ ᠬᠢᠨᠠᠨ ᠬᠠᠷᠭᠤᠭᠤᠯᠤᠭᠰᠠᠨ ᠤ ᠳᠠᠷᠠᠭ᠎ᠠ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠳᠤ ᠪᠡᠯᠡ ᠮᠥᠩᠭᠦ ᠬᠡᠷᠡᠭᠯᠡᠬᠦ ᠲᠥᠯᠥᠪᠯᠡᠭᠡ ᠪᠠᠨ ᠨᠢᠭᠡᠳᠦᠯᠲᠡᠢ ᠳᠤ ᠮᠡᠳᠡᠭᠦᠯᠵᠦ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠠᠴᠠ ᠬᠤᠲᠠ ᠵᠢᠴᠢ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠤᠨ ᠡᠳ᠋ ᠤᠨ ᠵᠠᠰᠠᠭ ᠤᠨ ᠲᠤᠰᠬᠠᠢ ᠳᠠᠩᠰᠠᠨ ᠡᠷᠦᠬᠡ ᠳᠤ ᠴᠠᠭ ᠲᠤᠬᠠᠢ ᠳᠤᠨᠢ ᠰᠠᠯᠭᠠᠨ ᠥᠭᠭᠦᠨ᠎ᠡ᠃ ᠬᠤᠲᠠ ᠪᠣᠯᠤᠨ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠡᠮ ᠡᠮᠨᠡᠯᠭᠡ ᠶᠢᠨ ᠪᠠᠲᠤᠯᠠᠭ᠎ᠠ ᠶᠢᠨ ᠭᠠᠷᠳᠠᠨ ᠬᠢᠬᠦ ᠪᠠᠶᠢᠭᠤᠯᠤᠮᠵᠢ ᠲᠣᠭᠲᠠᠭᠠᠯ ᠶᠣᠰᠣᠭᠠᠷ ᠲᠤᠰ ᠬᠠᠷᠢᠶ᠎ᠠ ᠣᠷᠣᠨ ᠤ ᠪᠠᠨ ᠴᠢᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ᠂ ᠳᠠᠭᠠᠳᠬᠠᠯ ᠳᠤ ᠣᠷᠣᠯᠴᠠᠭᠰᠠᠨ ᠬᠥᠮᠦᠰ ᠯᠦᠭᠡ ᠴᠠᠭ ᠲᠤᠬᠠᠶ ᠳᠤᠨᠢ ᠳ᠋ᠦᠩᠨᠡᠨ ᠪᠣᠳᠣᠨ᠎ᠠ᠃    2᠂ ᠳᠤᠮᠳᠠᠳᠤ ᠤᠯᠤᠰ ᠠᠴᠠ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ ᠰᠠᠭᠤᠷᠢ ᠮᠥᠩᠭᠦ ᠶᠢ ᠢᠯᠭᠠᠷᠠᠭᠤᠯᠤᠨ ᠪᠤᠳᠤᠬᠤ ᠶᠢ ᠨᠢᠭᠡᠳᠬᠡᠨ᠎ᠡ᠃ ᠰᠠᠭᠤᠷᠢ ᠮᠥᠩᠭᠦ ᠶᠢ ᠢᠯᠭᠠᠷᠠᠭᠤᠯᠤᠨ ᠪᠠᠶᠢᠴᠠᠭᠠᠬᠤ ᠤᠷᠲᠤ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠵᠤ᠂ ᠬᠤᠲᠠ ᠶᠢᠨ ᠵᠠᠰᠠᠭ ᠤᠨ ᠣᠷᠳᠣᠨ ᠲᠦᠷᠦᠭᠦᠯᠡᠨ ᠬᠢᠵᠦ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠬᠤᠲᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠲᠤᠪᠴᠢᠶ᠎ᠡ᠂ ᠬᠤᠲᠠ ᠶᠢᠨ ᠬᠢᠨᠠᠨ ᠪᠣᠳᠣᠬᠤ ᠲᠣᠪᠴᠢᠶ᠎ᠠ᠂ ᠬᠤᠲᠠ ᠶᠢᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢ ᠢᠯᠭᠠᠷᠠᠭᠤᠯᠤᠨ ᠪᠠᠶᠢᠴᠠᠭᠠᠬᠤ ᠠᠵᠢᠯ ᠤᠨ ᠳᠤᠭᠤᠶᠢᠯᠠᠩ ᠢ ᠪᠦᠷᠢᠯᠳᠦᠭᠦᠯᠵᠦ᠂ ᠵᠢᠯ ᠪᠦᠷᠢ ᠶᠢᠨ 3 ᠰᠠᠷ᠎ᠠ ᠳᠤ ᠳᠡᠭᠡᠷ᠎ᠡ ᠵᠢᠯ ᠤᠨ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢ ᠲᠠᠲᠠᠪᠤᠷᠢᠯᠠᠨ ᠲᠤᠰᠢᠶᠠᠭᠰᠠᠨ᠂ ᠬᠡᠷᠡᠭᠯᠡᠭᠰᠡᠨ ᠵᠡᠷᠭᠡ ᠪᠠᠶᠢᠳᠠᠯ ᠢ ᠢᠯᠭᠠᠷᠠᠭᠤᠯᠤᠨ ᠪᠠᠶᠢᠴᠠᠭᠠᠨ᠎ᠠ᠃ ᠪᠠᠰᠠ ᠪᠠᠶᠢᠴᠠᠭᠠᠨ ᠲᠣᠳᠣᠯᠠᠭᠰᠠᠨ ᠮᠡᠳᠡᠭᠦᠯᠦᠯᠲᠡ ᠶᠢ ᠬᠤᠲᠠ ᠶᠢᠨ ᠵᠠᠰᠠᠭ ᠤᠨ ᠣᠷᠳᠣᠨ ᠳᠤ ᠮᠡᠳᠡᠭᠦᠯᠪᠡ᠃    3᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠤ ᠴᠢᠶᠠᠩ ᠰᠠᠭᠤᠷᠢ ᠮᠥᠩᠭᠦ ᠶᠢ ᠨᠢᠭᠡᠳᠦᠯᠲᠡᠶ ᠪᠣᠯᠭᠠᠨ᠎ᠠ᠃ 2020 ᠣᠨ ᠤ 8 ᠳ᠋ᠤᠭᠠᠷ ᠰᠠᠷ᠎ᠠ ᠶᠢᠨ 1 ᠤ ᠡᠳᠦᠷ ᠠᠴᠠ ᠡᠮᠦᠨ᠎ᠡ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ︵ᠦᠷᠡᠵᠢᠯ ᠤᠨ ᠳᠠᠭᠠᠳᠬᠠᠯ ᠤᠨ ᠰᠠᠭᠤᠷᠢ ᠮᠥᠩᠭᠦ ᠪᠠᠭᠲᠠᠨ᠎ᠠ︶ ᠶᠢᠨ ᠡᠳ᠋ ᠤᠨ ᠵᠠᠰᠠᠭ ᠤᠨ ᠲᠤᠰᠬᠠᠶ ᠡᠷᠦᠬᠡ ᠶᠢᠨ ᠥᠩᠬᠦᠷᠢᠭᠡ ᠦᠯᠡᠳᠡᠪᠦᠷᠢ ᠶᠢ ᠪᠥᠬᠦ ᠲᠠᠯ᠎ᠠ ᠪᠠᠷ ᠳᠡᠭᠡᠭᠰᠢ ᠬᠤᠲᠠ ᠶᠢᠨ ᠡᠳ᠋ ᠤᠨ ᠵᠠᠰᠠᠭ ᠤᠨ ᠲᠤᠰᠬᠠᠶ ᠲᠠᠩᠰᠠᠨ ᠳᠤ ᠰᠢᠯᠵᠢᠭᠦᠯᠦᠨ ᠣᠷᠣᠭᠤᠯᠤᠨ᠎ᠠ᠃ ᠡᠯ᠎ᠡ ᠭᠠᠵᠠᠷ ᠤᠨ ᠬᠢᠨ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠠᠴᠠ ᠡᠮᠦᠨ᠎ᠡ ᠥᠷᠢᠲᠦᠵᠦ ᠪᠠᠶᠢᠭ᠎ᠠ ᠡᠮ ᠡᠮᠨᠡᠯᠭᠡ ᠶᠢᠨ ᠳᠠᠭᠠᠳᠬᠠᠯ ᠤᠨ ᠪᠡᠯᠡ ᠮᠥᠩᠭᠦ᠂ ᠥᠭᠬᠦ ᠶᠣᠰᠣᠲᠠᠶ ᠦᠭᠡᠶ ᠡᠮ ᠡᠮᠨᠡᠯᠭᠡ ᠶᠢᠨ ᠳᠠᠭᠠᠳᠬᠠᠯ ᠤᠨ ᠣᠯᠭᠤᠮᠵᠢ ᠪᠣᠯᠤᠨ ᠰᠠᠭᠤᠷᠢ ᠮᠥᠩᠭᠦ ᠶᠢᠨ ᠣᠷᠣᠯᠭ᠎ᠠ ᠵᠠᠷᠤᠯᠭ᠎ᠠ ᠶᠢᠨ ᠳᠤᠲᠠᠭᠳᠠᠯ ᠵᠡᠷᠭᠡ ᠪᠤᠶ ᠪᠦᠬᠦᠢ ᠥᠷᠢ ᠥᠭᠴᠡᠭᠡ ᠵᠠᠷᠴᠢᠮ ᠳᠡᠭᠡᠷ᠎ᠡ‌‍ᠪᠠᠨ 2020 ᠣᠨ ᠤ ᠵᠢᠯ ᠤᠨ ᠰᠡᠭᠦᠯᠴᠢ ᠠᠴᠠ ᠡᠮᠦᠨ᠎ᠡ ᠢᠯᠭᠠᠷᠠᠭᠤᠯᠤᠨ ᠳᠠᠭᠤᠰᠬᠠᠨ᠎ᠠ᠃ ᠡᠳ᠋ ᠤᠨ ᠵᠠᠰᠠᠭ ᠤᠨ ᠪᠡᠯᠡ ᠮᠥᠩᠭᠦ ᠴᠤᠭᠯᠠᠭᠤᠯᠬᠤ ᠪᠠ ᠰᠦᠢᠳᠬᠡᠯ ᠥᠷᠢᠲᠦᠬᠦ ᠶᠢ ᠢᠯᠭᠠᠷᠠᠭᠤᠯᠬᠤ ᠨᠢ ᠦᠨᠡᠬᠡᠷ ᠬᠦᠴᠢᠷᠳᠡᠯ ᠲᠠᠢ ᠭᠠᠵᠠᠷ ᠣᠷᠣᠨ ᠬᠤᠰᠢᠭᠤ ᠰᠢᠶᠠᠨ ᠬᠤᠲᠠ ᠲᠣᠭᠤᠷᠢᠭ ᠤᠨ ᠵᠠᠰᠠᠭ ᠤᠨ ᠣᠷᠳᠣᠨ 3 — 5 ᠵᠢᠯ ᠤᠨ ᠬᠤᠭᠤᠴᠠᠭ᠎ᠠ ᠲᠠᠢ ᠲᠥᠯᠥᠬᠦ ᠲᠦᠯᠦᠪᠯᠡᠭᠡ ᠲᠣᠭᠲᠠᠭᠠᠵᠤ᠂ ᠬᠤᠲᠠ ᠶᠢᠨ ᠵᠠᠰᠠᠭ ᠤᠨ ᠣᠷᠳᠣᠨ ᠢᠶᠠᠷ ᠬᠢᠨᠠᠨ ᠲᠣᠭᠲᠠᠭᠠᠯᠭᠠᠭᠰᠠᠨ ᠤ ᠳᠠᠷᠠᠭ᠎ᠠ᠂ ᠲᠥᠯᠥᠪᠯᠡᠭᠡ ᠶᠣᠰᠣᠭᠠᠷ ᠬᠦᠢᠴᠡᠳ ᠲᠤᠭ᠎ᠠ ᠪᠠᠷ ᠬᠤᠲᠠ ᠶᠢᠨ ᠡᠳ᠋ ᠤᠨ ᠵᠠᠰᠠᠭ ᠤᠨ ᠲᠤᠰᠬᠠᠶ ᠳᠠᠩᠰᠠᠨ ᠳᠤ ᠣᠷᠣᠭᠤᠯᠬᠤ ᠬᠡᠷᠡᠭᠲᠡᠶ᠃ 2020 ᠣᠨ ᠤ 10 ᠳ᠋ᠤᠭᠠᠷ ᠰᠠᠷ᠎ᠠ ᠶᠢᠨ ᠰᠡᠭᠦᠯᠴᠢ ᠠᠴᠠ ᠡᠮᠦᠨ᠎ᠡ ᠲᠣᠰ ᠵᠢᠯ ᠤᠨ ᠡᠳ᠋ ᠤᠨ ᠵᠠᠰᠠᠭ ᠤᠨ ᠪᠠᠯᠠ ᠴᠤᠭᠯᠠᠭᠤᠯᠭ᠎ᠠ ᠶᠢ ᠬᠦᠢᠴᠡᠳ ᠲᠤᠭ᠎ᠠ ᠪᠠᠷ ᠪᠣᠳᠠᠲᠠᠶᠢᠵᠢᠭᠤᠯᠬᠤ ᠶᠢ ᠦᠨᠡᠨ ᠬᠦ ᠪᠠᠲᠤᠯᠠᠬᠤ ᠶᠢᠨ ᠬᠠᠮᠲᠤ ᠬᠤᠶᠢᠰᠢᠳᠠ ᠡᠳ᠋ ᠤᠨ ᠵᠠᠰᠠᠭ‌‍ᠤᠨ ᠪᠠᠯᠠ ᠴᠤᠭᠯᠠᠭᠤᠯᠤᠯᠲᠠ ᠶᠢ ᠴᠠᠭ ᠲᠤᠬᠠᠶ ᠳᠤᠨᠢ ᠬᠦᠢᠴᠡᠳ ᠲᠤᠭ᠎ᠠ ᠪᠠᠷ ᠪᠣᠳᠠᠲᠠᠶᠢᠵᠢᠭᠤᠯᠬᠤ ᠶᠢ ᠦᠨᠡᠨ ᠬᠦ ᠪᠠᠲᠤᠯᠠᠨ᠎ᠠ᠃    ︵ᠬᠤᠶᠠᠷ︶ ᠪᠠᠲᠤᠯᠠᠭ᠎ᠠ ᠶᠢᠨ ᠠᠷᠭ᠎ᠠ ᠬᠡᠮᠵᠢᠶ᠎ᠡ    1᠂ ᠪᠦᠬᠦ ᠤᠯᠤᠰ ᠠᠴᠠ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢᠨ ᠣᠷᠣᠯᠭ᠎ᠠ ᠵᠠᠷᠤᠯᠭ᠎ᠠ ᠶᠢᠨ ᠲᠥᠰᠦᠪ ᠤᠨ ᠬᠠᠮᠢᠶᠠᠷᠤᠯᠲᠠ ᠪᠠ ᠬᠡᠷᠡᠭᠵᠢᠭᠦᠯᠦᠯᠲᠡ ᠶᠢ ᠴᠢᠩᠭᠠᠳᠬᠠᠨ᠎ᠠ᠃ ᠵᠢᠯ ᠪᠦᠷᠢ ᠬᠤᠲᠠ ᠵᠢᠴᠢ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠡᠳ᠋ ᠤᠨ ᠵᠠᠰᠠᠭ ᠠᠴᠠ ᠡᠭᠦᠷᠭᠡᠯᠡᠵᠦ ᠪᠠᠶᠢᠭ᠎ᠠ ᠪᠠᠶᠢᠭᠤᠯᠭ᠎ᠠ ᠠᠵᠢᠯ ᠦᠢᠯᠡᠰ ᠤᠨ ᠨᠢᠭᠡᠴᠡ ᠶᠢᠨ ᠠᠵᠢᠯᠲᠠᠨ ᠠᠵᠢᠯᠴᠢᠨ ︵ᠠᠵᠢᠯ ᠳᠤ ᠪᠠᠶᠢᠭ᠎ᠠ ᠠᠵᠢᠯᠲᠠᠨ ᠠᠵᠢᠯᠴᠢᠨ ᠤ ᠦᠷᠡᠵᠢᠯ ᠤᠨ ᠳᠠᠭᠠᠳᠬᠠᠯ ᠤᠨ ᠵᠠᠷᠤᠳᠠᠯ ᠪᠠᠭᠲᠠᠨ᠎ᠠ︶ ᠪᠣᠯᠤᠨ ᠤᠯᠤᠰ ᠠᠴᠠ ᠥᠮᠴᠢᠯᠡᠯᠲᠡ ᠡᠭᠦᠳᠡ ᠪᠠᠨ ᠬᠠᠭᠠᠵᠤ ᠳᠠᠮᠫᠤᠷᠠᠭᠰᠠᠨ ᠠᠵᠤ ᠠᠬᠤᠶᠢᠯᠠᠯ ᠤᠨ ᠠᠵᠢᠯ ᠠᠴᠠ ᠪᠠᠨ ᠪᠠᠭᠤᠭᠰᠠᠳ ᠤᠨ ᠡᠮ ᠡᠮᠨᠡᠯᠭᠡ ᠶᠢᠨ ᠳᠠᠭᠠᠳᠬᠠᠯ ᠤᠨ ᠵᠠᠷᠤᠳᠠᠯ   ᠢ ᠢᠵᠢ ᠪᠦᠷᠢᠳᠦᠭᠦᠯᠬᠦ ᠪᠡᠯᠡ ᠮᠥᠩᠭᠦ ᠲᠣᠰ ᠵᠢᠯ ᠤᠨ ᠠᠳᠠᠯᠢ ᠱᠠᠲᠤᠨ ᠤ ᠡᠳ᠋ ᠤᠨ ᠵᠠᠰᠠᠭ ᠤᠨ ᠲᠥᠰᠦᠪ ᠲᠤ ᠬᠦᠢᠴᠡᠳ ᠲᠤᠭ᠎ᠠ ᠪᠠᠷ ᠣᠷᠣᠭᠤᠯᠬᠤ ᠶᠢᠨ ᠬᠠᠮᠲᠤ ᠲᠣᠭᠲᠠᠭᠠᠯ ᠶᠣᠰᠣᠭᠠᠷ ᠴᠠᠭ ᠲᠤᠬᠠᠶ ᠳᠤᠨᠢ ᠰᠠᠯᠭᠠᠨ ᠥᠭᠴᠦ ᠪᠣᠳᠠᠲᠠᠶᠢᠵᠢᠭᠤᠯᠬᠤ ᠬᠡᠷᠡᠭᠲᠡᠶ᠃ ᠲᠥᠰᠦᠪ ᠤᠨ ᠬᠠᠮᠢᠶᠠᠷᠤᠯᠲᠠ ᠶᠢᠨ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠵᠦ᠂ ᠵᠥᠪᠰᠢᠶᠡᠷᠡᠭᠰᠡᠨ ᠲᠥᠰᠦᠪ ᠪᠠ ᠲᠤᠭᠲᠠᠭᠠᠭᠰᠠᠨ ᠵᠢᠷᠤᠮ ᠶᠣᠰᠣᠭᠠᠷ ᠴᠢᠩᠭ᠎ᠠ ᠬᠦᠢᠴᠡᠳᠬᠡᠬᠦ ᠬᠡᠷᠡᠭᠲᠡᠶ᠂ ᠳᠤᠷ᠎ᠠ ᠪᠠᠷ ᠢᠶᠠᠨ ᠲᠣᠬᠢᠷᠠᠭᠤᠯᠵᠤ ᠪᠣᠯᠬᠤ ᠦᠭᠡᠢ᠃ ᠭᠦᠢᠴᠡᠳᠬᠡᠬᠦ ᠳᠤᠮᠳᠠ ᠣᠨᠴᠠᠭᠠᠢ ᠪᠠᠶᠢᠳᠠᠯ ᠠᠴᠠ ᠪᠣᠯᠵᠤ ᠵᠠᠷᠤᠯᠭ᠎ᠠ ᠪᠠᠨ ᠨᠡᠮᠡᠭᠳᠡᠭᠦᠯᠬᠦ ᠪᠤᠶᠤ ᠣᠷᠣᠯᠭ᠎ᠠ ᠪᠠᠨ ᠪᠠᠭᠠᠰᠬᠠᠬᠤ ᠴᠢᠬᠤᠯᠠᠲᠠᠶ ᠪᠣᠯᠵᠤ᠂ ᠰᠠᠭᠤᠷᠢ ᠮᠥᠩᠭᠦᠨ ᠤ ᠲᠥᠰᠦᠪ ᠢ ᠲᠣᠬᠢᠷᠠᠭᠤᠯᠬᠤ ᠲᠥᠰᠦᠯ ᠢ ᠨᠠᠶᠢᠷᠠᠭᠤᠯᠤᠨ ᠵᠣᠬᠢᠶᠠᠵᠤ᠂ ᠰᠠᠭᠤᠷᠢ ᠮᠥᠩᠭᠦᠨ ᠤ ᠳᠦᠰᠦᠪ ᠢ ᠲᠣᠬᠢᠷᠠᠭᠤᠯᠬᠤ ᠵᠢᠷᠤᠮ ᠶᠣᠰᠣᠭᠠᠷ ᠵᠥᠪᠰᠢᠶᠡᠷᠡᠭᠦᠯᠦᠭᠰᠡᠨ ᠤ ᠳᠠᠷᠠᠭ᠎ᠠ ᠬᠡᠷᠡᠭᠵᠢᠭᠦᠯᠬᠦ ᠬᠡᠷᠡᠭᠲᠡᠶ᠃    2᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠬᠠᠷᠠᠯᠲᠠᠲᠤ ᠬᠠᠷᠢᠭᠤᠴᠠᠯᠭ᠎ᠠ ᠶᠢᠨ ᠬᠢᠨᠠᠨ ᠰᠢᠯᠭᠠᠯᠲᠠ ᠶᠢ ᠴᠢᠩᠭᠠᠳᠬᠠᠨ᠎ᠠ᠃ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠠᠷᠠᠯᠲᠠᠲᠤ ᠰᠢᠯᠭᠠᠨ ᠬᠢᠨᠠᠬᠤ ᠳᠦᠷᠢᠮ ᠢ ᠪᠠᠶᠢᠭᠤᠯᠵᠤ᠂ ᠤᠯᠤᠰ ᠪᠠ ᠥᠪᠡᠷᠲᠡᠭᠡᠨ ᠵᠠᠰᠠᠬᠤ ᠣᠷᠣᠨ ᠠᠴᠠ ᠪᠠᠭᠤᠯᠭᠠᠭᠰᠠᠨ ᠦᠨᠳᠦᠰᠦᠨ ᠡᠮᠴᠢᠯᠡᠭᠡᠨ ᠤ ᠳᠠᠭᠠᠳᠬᠠᠯ ᠤᠨ ᠳᠠᠭᠠᠳᠬᠠᠯ ᠳᠤ ᠣᠷᠣᠯᠴᠠᠬᠤ ᠬᠡᠪᠴᠢᠶ᠎ᠡ ᠶᠢ ᠥᠷᠭᠡᠳᠬᠡᠬᠦ᠂ ᠰᠠᠭᠤᠷᠢ ᠮᠥᠩᠭᠦ ᠲᠠᠲᠠᠪᠤᠷᠢᠯᠠᠬᠤ ᠵᠡᠷᠭᠡ ᠬᠠᠷᠠᠯᠲᠠᠲᠤ ᠡᠬᠦᠷᠬᠡ ᠶᠢ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠵᠠᠰᠠᠭ ᠤᠨ ᠣᠷᠳᠣᠨ ᠤ ᠠᠵᠢᠯ ᠤᠨ ᠬᠠᠷᠢᠭᠤᠴᠠᠯᠭ᠎ᠠ ᠶᠢᠨ ᠳᠦᠷᠢᠮ ᠤᠨ ᠰᠢᠯᠭᠠᠨ ᠬᠢᠨᠠᠬᠤ ᠬᠡᠪᠴᠢᠶᠡᠨ ᠳᠤ ᠣᠷᠣᠭᠤᠯᠬᠤ ᠬᠡᠷᠡᠭᠲᠡᠶ᠃ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠠᠵᠢᠯ ᠤᠨ ᠡᠭᠦᠷᠭᠡ ᠶᠢᠨ ᠬᠠᠷᠠᠯᠲᠠ ᠶᠢ ᠨᠠᠷᠢᠯᠢᠭᠵᠢᠭᠤᠯᠤᠨ ᠬᠡᠮᠵᠢᠵᠤ᠂ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠬᠠᠷᠠᠯᠲᠠᠲᠤ ᠬᠠᠷᠢᠭᠤᠴᠠᠯᠭ᠎ᠠ ᠶᠢ ᠰᠢᠯᠭᠠᠨ ᠬᠢᠨᠠᠬᠤ ᠠᠷᠭ᠎ᠠ ᠶᠢ ᠪᠠᠶᠢᠭᠤᠯᠵᠤ᠂ ᠰᠢᠯᠭᠠᠨ ᠬᠢᠨᠠᠬᠤ ᠡᠷᠴᠢᠮ ᠢ ᠴᠢᠩᠭᠠᠷᠠᠭᠤᠯᠤᠨ᠂ ᠱᠠᠩᠨᠠᠵᠤ ᠲᠣᠷᠭᠠᠬᠤ ᠠᠷᠭ᠎ᠠ ᠬᠡᠮᠵᠢᠶ᠎ᠡ ᠶᠢ ᠴᠢᠩᠳᠠᠯᠠᠨ᠎ᠠ᠃ ᠬᠠᠷᠠᠯᠲᠠᠲᠤ ᠬᠠᠷᠢᠭᠤᠴᠠᠯᠭ᠎ᠠ ᠶᠢ ᠬᠢᠨᠠᠨ ᠰᠢᠯᠭᠠᠬᠤ ᠪᠣᠳᠠᠲᠠᠶ ᠠᠷᠭ᠎ᠠ ᠶᠢ ᠬᠤᠲᠠ ᠶᠢᠨ ᠡᠮ ᠡᠮᠨᠡᠯᠭᠡ ᠶᠢᠨ ᠪᠠᠳᠤᠯᠠᠭ᠎ᠠ ᠶᠢᠨ ᠲᠣᠪᠴᠢᠶ᠎ᠠ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠬᠤᠲᠠ ᠶᠢᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠠᠴᠠ ᠠᠰ ᠲᠤᠨᠢ ᠲᠣᠭᠲᠠᠭᠠᠨ᠎ᠠ᠃     3᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠤ ᠴᠢᠶᠠᠩ ᠰᠠᠭᠤᠷᠢ ᠮᠥᠩᠭᠦᠨ ᠤ ᠲᠦᠭᠰᠢᠭᠦᠷᠢ ᠶᠢ ᠬᠤᠪᠢᠶᠠᠨ ᠡᠭᠦᠷᠭᠡᠯᠡᠬᠦ ᠲᠣᠭᠲᠠᠴᠠ ᠶᠢ ᠪᠠᠶᠢᠭᠤᠯᠤᠨ᠎ᠠ᠃ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠯᠡᠬᠦ ᠠᠴᠠ ᠡᠮᠦᠨ᠎ᠡ ᠪᠣᠢ ᠪᠣᠯᠤᠭᠰᠠᠨ ᠰᠠᠭᠤᠷᠢ ᠮᠥᠩᠭᠦ ᠶᠢᠨ ᠲᠤᠲᠠᠭᠳᠠᠯ ᠢ ᠡᠯ᠎ᠡ ᠬᠤᠰᠢᠭᠤ ᠰᠢᠶᠠᠨ ᠬᠤᠲᠠ ᠲᠣᠭᠤᠷᠢᠭ ᠪᠦᠬᠦ ᠲᠤᠭ᠎ᠠ ᠪᠠᠷ ᠡᠭᠦᠷᠭᠡᠯᠡᠨ᠎ᠡ᠃ ᠬᠤᠲᠠ ᠶᠢᠨ ᠱᠠᠲᠤᠨ ᠤ ᠨᠢᠭᠡᠳᠦᠯᠲᠡᠶ ᠲᠥᠯᠥᠪᠵᠢᠭᠦᠯᠦᠭᠰᠡᠨ ᠤ ᠳᠠᠷᠠᠭ᠎ᠠ ᠪᠤᠶ ᠪᠣᠯᠤᠭᠰᠠᠨ ᠰᠠᠭᠤᠷᠢ ᠮᠥᠩᠭᠦ ᠶᠢ ᠬᠤᠲᠠ᠂ ᠬᠤᠰᠢᠭᠤ ᠰᠢᠶᠠᠨ ᠬᠤᠲᠠ ᠲᠣᠭᠤᠷᠢᠭ ᠤᠨ ᠬᠤᠶᠠᠷ ᠱᠠᠲᠤᠨ ᠤ ᠵᠠᠰᠠᠭ ᠤᠨ ᠣᠷᠳᠣᠨ ᠬᠠᠮᠲᠤᠪᠠᠷ ᠡᠬᠦᠷᠬᠡᠯᠡᠵᠤ᠂ ᠪᠣᠳᠠᠲᠠᠶ ᠬᠤᠪᠢᠳᠠᠨ ᠡᠭᠦᠷᠭᠡᠯᠡᠬᠦ ᠲᠣᠭᠲᠠᠴᠠ ᠶᠢ ᠠᠰ ᠲᠤᠨᠢ ᠲᠣᠭᠲᠠᠭᠠᠨ᠎ᠠ᠃    4. ᠰᠠᠭᠤᠷᠢ ᠮᠥᠩᠭᠦᠨ ᠤ ᠠᠵᠢᠯᠯᠠᠭᠠᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠎ᠠ᠃ ᠬᠤᠲᠠ ᠶᠢᠨ ᠱᠠᠲᠤᠨ ᠳᠤ ᠨᠢᠭᠡᠳᠦᠯᠲᠡᠶ ᠲᠥᠯᠥᠪᠵᠢᠭᠦᠯᠦᠭᠰᠡᠨ ᠤ ᠳᠠᠷᠠᠭ᠎ᠠ᠂ ᠬᠤᠲᠠ ᠪᠠ ᠡᠯ᠎ᠡ ᠬᠤᠰᠢᠭᠤ ᠰᠢᠶᠠᠨ ᠬᠤᠲᠠ ᠲᠣᠭᠤᠷᠢᠭ ᠬᠠᠮᠲᠤᠪᠠᠷ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠠᠵᠢᠯᠯᠠᠭᠠᠨ ᠤ ᠬᠠᠮᠢᠶᠠᠷᠤᠯᠲᠠ ᠶᠢ ᠬᠠᠷᠢᠭᠤᠴᠠᠨ᠎ᠠ᠃ ᠬᠤᠲᠠ ᠬᠢᠭᠡᠳ ᠬᠤᠰᠢᠭᠤ ᠰᠢᠶᠠᠨ ᠬᠤᠲᠠ ᠲᠣᠭᠤᠷᠢᠭ ᠤᠨ ᠬᠤᠶᠠᠷ ᠱᠠᠲᠤᠨ ᠤ ᠡᠮᠨᠡᠯᠭᠡ ᠶᠢᠨ ᠳᠠᠭᠠᠳᠬᠠᠯ᠂ ᠡᠳ᠋ ᠤᠨ ᠵᠠᠰᠠᠭ᠂ ᠭᠠᠶᠢᠯᠢ ᠶᠢᠨ ᠶᠠᠪᠤᠳᠠᠯ᠂ ᠪᠠᠩᠬᠢ ᠵᠡᠷᠭᠡ ᠰᠠᠯᠠᠭ᠎ᠠ ᠮᠥᠴᠢᠷ᠂ ᠲᠣᠰ ᠲᠣᠰ ᠤᠨ ᠡᠭᠦᠷᠭᠡ ᠬᠠᠷᠢᠭᠤᠴᠠᠯᠭ᠎ᠠ ᠪᠠᠨ ᠦᠨᠳᠦᠰᠦᠯᠡᠨ᠂ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠣᠷᠣᠯᠭ᠎ᠠ ᠵᠠᠷᠤᠯᠭ᠎ᠠ ᠶᠢᠨ ᠳᠠᠩᠰᠠ ᠬᠠᠷ᠎ᠠ ᠶᠢ ᠬᠠᠷᠭᠤᠭᠤᠯᠬᠤ ᠬᠠᠮᠢᠶᠠᠷᠤᠯᠲᠠ ᠶᠢᠨ ᠠᠵᠢᠯ ᠢ ᠬᠠᠮᠲᠤᠪᠠᠷ ᠰᠠᠶᠢᠳᠤᠷ ᠬᠢᠵᠦ᠂ ᠳᠠᠩᠰᠠ ᠪᠠ ᠪᠣᠳᠠᠲᠤ ᠪᠠᠶᠢᠳᠠᠯ ᠨᠢ ᠬᠠᠷᠢᠯᠴᠠᠨ ᠨᠡᠶᠢᠴᠡᠭᠰᠡᠨ᠂ ᠳᠠᠩᠰᠠ ᠪᠠ ᠭᠡᠷᠡᠴᠢ ᠨᠢ ᠬᠠᠷᠢᠯᠴᠠᠨ ᠨᠡᠶᠢᠴᠡᠭᠰᠡᠨ᠂ ᠳᠠᠩᠰᠠ ᠪᠠ ᠳᠠᠩᠰᠠ ᠪᠠ ᠬᠦᠰᠦᠨᠦᠭᠲᠦ ᠨᠢ ᠬᠠᠷᠢᠯᠴᠠᠨ ᠨᠡᠶᠢᠴᠡᠭᠰᠡᠨ ᠪᠠᠶᠢᠬᠤ ᠬᠡᠷᠡᠭᠲᠡᠶ᠃    ᠰᠠᠭᠤᠷᠢ ᠮᠥᠩᠭᠦᠨ ᠤ ᠪᠦᠬᠦ ᠶᠠᠪᠤᠴᠠ ᠶᠢᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠴᠢᠩᠭᠠᠳᠬᠠᠨ᠎ᠠ᠃ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠭᠦᠢᠴᠡᠳ ᠪᠠᠳᠠᠷᠠᠭᠤᠯᠵᠤ᠂ ᠰᠠᠭᠤᠷᠢ ᠮᠥᠩᠭᠦᠨ ᠤ ᠠᠮᠵᠢᠯᠲᠠ ᠪᠦᠲᠦᠮᠵᠢ ᠶᠢ ᠦᠨᠡᠯᠡᠬᠦ ᠠᠵᠢᠯ ᠢ ᠴᠠᠭ ᠲᠤᠬᠠᠶ ᠳᠤᠨᠢ ᠥᠷᠨᠢᠭᠦᠯᠵᠦ᠂ ᠰᠠᠭᠤᠷᠢ ᠮᠦᠩᠭᠦ ᠶᠢᠨ ᠲᠣᠬᠢᠷᠠᠭᠤᠯᠤᠯᠲᠠ ᠶᠢ ᠰᠢᠯᠢᠳᠡᠭᠵᠢᠭᠦᠯᠵᠦ᠂ ᠰᠠᠭᠤᠷᠢ ᠮᠥᠩᠭᠦᠨ ᠤ ᠬᠠᠮᠢᠶᠠᠷᠤᠯᠲᠠ ᠶᠢ ᠴᠢᠩᠭᠠᠳᠬᠠᠵᠤ᠂ ᠰᠠᠭᠤᠷᠢ ᠮᠥᠩᠭᠦᠨ ᠤ ᠬᠡᠷᠡᠭᠯᠡᠯᠲᠡ ᠶᠢᠨ ᠦᠷ᠎ᠡ ᠠᠰᠢᠭ ᠢ ᠳᠡᠭᠡᠭᠰᠢᠯᠡᠭᠦᠯᠦᠨ᠎ᠡ᠃    ᠰᠠᠭᠤᠷᠢ ᠮᠥᠩᠭᠦᠨ ᠤ ᠠᠶᠤᠯ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠬᠠᠮᠢᠶᠠᠷᠤᠯᠲᠠ ᠶᠢ ᠴᠢᠩᠭᠠᠳᠬᠠᠵᠤ᠂ ᠰᠠᠭᠤᠷᠢ ᠮᠥᠩᠭᠦᠨ ᠤ ᠣᠷᠣᠯᠭ᠎ᠠ ᠵᠠᠷᠤᠯᠭ᠎ᠠ ᠶᠢᠨ ᠠᠵᠢᠯᠯᠠᠭᠠᠨ ᠤ ᠪᠠᠶᠢᠳᠠᠯ ᠢ ᠴᠢᠩᠭ᠎ᠠ ᠬᠢᠨᠠᠨ ᠡᠵᠡᠮᠳᠡᠬᠦ ᠪᠠ ᠲᠥᠰᠦᠭᠡᠯᠡᠬᠦ ᠬᠡᠷᠡᠭᠲᠡᠶ᠃ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠠᠶᠤᠯ ᠲᠦᠭᠰᠢᠭᠦᠷᠢ ᠭᠠᠷᠤᠭᠰᠠᠨ ᠦᠶ᠎ᠡ ᠳᠤ᠂ ᠬᠤᠲᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠴᠠᠭ ᠲᠤᠬᠠᠶ ᠳᠤᠨᠢ ᠬᠤᠲᠠ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠵᠠᠰᠠᠭ ᠤᠨ ᠣᠷᠳᠣᠨ᠂ ᠬᠠᠮᠢᠶ᠎ᠠ ᠪᠦᠬᠦᠢ ᠰᠠᠯᠠᠭ᠎ᠠ ᠮᠥᠴᠢᠷ ᠲᠤ ᠮᠡᠳᠡᠭᠳᠡᠵᠦ᠂ ᠠᠶᠤᠯ ᠲᠦᠭᠰᠢᠭᠦᠷᠢ ᠪᠠᠷ ᠨᠡᠯᠢᠶᠡᠳ ᠬᠦᠨᠳᠦ ᠭᠠᠵᠠᠷ ᠣᠷᠣᠨ ᠳᠤ  ᠰᠠᠷ᠎ᠠ ᠰᠠᠷ᠎ᠠ ᠪᠠᠷ ᠰᠠᠭᠤᠷᠢ ᠮᠥᠩᠭᠦ ᠶᠢᠨ ᠠᠵᠢᠯᠯᠠᠭᠠᠨ ᠤ ᠲᠣᠬᠢᠷᠠᠭᠤᠯᠤᠯᠲᠠ ᠬᠢᠨ᠎ᠡ᠃ ᠰᠢᠪᠠᠳᠠᠨ ᠰᠢᠢᠳᠪᠤᠷᠢᠯᠡᠬᠦᠯᠬᠦ ᠲᠣᠳᠣᠷᠬᠠᠶ ᠬᠠᠭᠤᠳᠠᠰᠤ ᠪᠠ ᠪᠣᠳᠠᠲᠠᠶ ᠱᠠᠭᠠᠷᠳᠠᠯᠭ᠎ᠠ ᠶᠢ ᠳᠤᠷᠠᠳᠤᠨ ᠭᠠᠷᠭᠠᠵᠤ᠂ ᠴᠢᠬᠤᠯᠠᠲᠠᠶ ᠦᠶ᠎ᠡ ᠳᠤ ᠬᠤᠲᠠ ᠶᠢᠨ ᠵᠠᠰᠠᠭ ᠤᠨ ᠣᠷᠳᠣᠨ ᠳᠤ ᠳᠡᠪᠰᠢᠭᠦᠯᠦᠨ ᠰᠤᠳᠤᠯᠤᠨ ᠰᠢᠢᠳᠪᠤᠷᠢᠯᠡᠬᠦᠯᠵᠤ᠂ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢᠨ ᠠᠵᠢᠯᠯᠠᠭᠠᠨ ᠤ ᠠᠮᠤᠷ ᠲᠦᠪᠰᠢᠨ ᠢ ᠦᠨᠡᠨ ᠬᠦ ᠪᠠᠲᠤᠯᠠᠨ᠎ᠠ᠃     5᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ  ᠺᠧ ᠴᠢᠶᠠᠩ ᠠᠵᠢᠯᠲᠠᠨ ᠤ ᠵᠠᠷᠤᠳᠠᠯ ᠤᠨ ᠪᠠᠲᠤᠯᠠᠭ᠎ᠠ ᠶᠢ ᠰᠠᠶᠢᠲᠤᠷ ᠬᠢᠨ᠎ᠡ᠃ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢ ᠬᠤᠲᠠ ᠶᠢᠨ ᠲᠡᠰ ᠤᠨ ᠨᠢᠭᠡᠳᠦᠯᠲᠡᠶ ᠲᠥᠯᠥᠪᠯᠡᠬᠦ ᠶᠢ ᠬᠡᠷᠡᠭᠵᠢᠬᠦᠯᠦᠭᠰᠡᠨ ᠤ ᠳᠠᠷᠠᠭ᠎ᠠ᠂ ᠡᠭᠦᠷᠭᠡ ᠴᠢᠳᠠᠪᠤᠷᠢ ᠶᠢᠨ ᠨᠠᠶᠢᠳᠠᠪᠤᠷᠢᠵᠢᠭᠤᠯᠤᠯᠲᠠ ᠶᠢ ᠴᠢᠩᠭᠠᠷᠠᠭᠤᠯᠬᠤ ᠶᠢᠨ ᠲᠥᠯᠥᠭᠡ᠂ ᠡᠯ᠎ᠡ ᠱᠠᠲᠤᠨ ᠤ ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠪᠣᠯᠤᠨ ᠭᠠᠷᠲᠠᠨ ᠬᠦᠢᠴᠡᠳᠬᠡᠬᠦ ᠪᠠᠶᠢᠭᠤᠯᠤᠮᠵᠢ ᠨᠤᠭᠤᠳ ᠠᠵᠢᠯ ᠤᠨ ᠬᠦᠴᠦᠨ ᠢᠶᠠᠨ ᠵᠣᠬᠢᠴᠠᠩᠭᠤᠶ ᠪᠠᠷ ᠨᠡᠮᠡᠭᠳᠡᠭᠦᠯᠵᠦ᠂ ᠬᠤᠲᠠ ᠵᠢᠴᠢ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠣᠷᠣᠨ ᠲᠤᠭ᠎ᠠ᠂ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠠᠵᠢᠯᠲᠠᠨ ᠤ ᠣᠷᠣᠨ ᠲᠤᠭ᠎ᠠ ᠤ ᠣᠯᠤᠨ ᠠᠯᠪᠠᠨ ᠵᠠᠷᠤᠳᠠᠯ ᠢ ᠪᠠᠲᠤᠯᠠᠬᠤ ᠬᠡᠷᠡᠭᠲᠡᠶ᠃    ︵ᠭᠤᠷᠪᠠ︶ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ    1᠂ ᠪᠦᠬᠦ ᠤᠯᠤᠰ ᠠᠴᠠ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠤᠲᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠰᠠᠯᠠᠭ᠎ᠠ ᠮᠥᠴᠢᠷ ᠪᠦᠬᠦ ᠬᠤᠲᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ ᠶᠡᠷᠦᠩᠬᠡᠶᠢᠯᠡᠭᠰᠡᠨ ᠬᠠᠮᠢᠶᠠᠷᠤᠯᠲᠠ ᠪᠣᠯᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠦᠩᠭᠦ ᠶᠢᠨ ᠲᠥᠰᠦᠪ ᠪᠣᠯᠤᠨ ᠲᠥᠰᠦᠪ ᠤᠨ ᠬᠦᠢᠴᠡᠳᠬᠡᠯ ᠤᠨ ᠲᠥᠰᠦᠯ ᠢ ᠨᠠᠶᠢᠷᠠᠭᠤᠯᠤᠨ ᠵᠣᠬᠢᠶᠠᠬᠤ ᠠᠵᠢᠯ ᠢ ᠬᠠᠷᠢᠭᠤᠴᠠᠨ᠎ᠠ᠃ ᠬᠤᠲᠠ ᠶᠢᠨ ᠰᠢᠭᠤᠳ ᠬᠠᠷᠢᠶ᠎ᠠ ᠬᠤᠯᠪᠣᠭᠳᠠᠯ ᠪᠦᠬᠦᠢ ᠰᠠᠯᠠᠭ᠎ᠠ ᠮᠥᠴᠢᠷ ᠪᠣᠯᠤᠨ ᠡᠯ᠎ᠡ ᠬᠤᠰᠢᠭᠤ ᠰᠢᠶᠠᠨ ᠬᠤᠲᠠ ᠲᠤᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠰᠠᠯᠠᠭ᠎ᠠ ᠮᠥᠴᠢᠷ ᠢ ᠵᠣᠬᠢᠴᠠᠭᠤᠯᠵᠤ ᠪᠠᠶᠢᠭᠠᠳ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠶᠢ ᠬᠤᠲᠠ ᠶᠢᠨ ᠱᠠᠲᠤᠨ ᠳᠤ ᠨᠢᠭᠡᠳᠦᠯᠲᠡᠶ ᠲᠥᠯᠥᠪᠯᠡᠬᠦ ᠶᠢ ᠰᠠᠶᠢᠲᠤᠷ ᠬᠢᠵᠦ᠂ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠠᠮᠤᠷ ᠲᠦᠪᠰᠢᠨ ᠢ ᠦᠨᠡᠨᠬᠦ ᠪᠠᠲᠤᠯᠠᠨ᠎ᠠ᠃    2᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠬᠠᠮᠢᠶᠠᠷᠤᠯᠲᠠ ᠪᠠ ᠰᠠᠭᠤᠷᠢ ᠮᠥᠩᠭᠦ ᠶᠢᠨ ᠲᠥᠰᠦᠪ ᠪᠠ ᠲᠥᠰᠦᠪ ᠤᠨ ᠬᠦᠢᠴᠡᠳᠬᠡᠯ ᠢ ᠬᠢᠨᠠᠨ ᠬᠠᠷᠭᠤᠭᠤᠯᠬᠤ ᠠᠵᠢᠯ ᠢ ᠬᠠᠷᠢᠭᠤᠴᠠᠬᠤ ᠶᠢᠨ ᠬᠠᠮᠲᠤ ᠰᠠᠭᠤᠷᠢ ᠮᠥᠩᠭᠦ ᠶᠢ ᠴᠠᠭ ᠲᠤᠬᠠᠶ ᠳᠤᠨᠢ ᠰᠠᠯᠭᠠᠨ ᠥᠭᠬᠦ ᠶᠢ ᠦᠨᠡᠨᠬᠦ ᠪᠠᠲᠤᠯᠠᠬᠤ ᠬᠡᠷᠡᠭᠲᠡᠶ᠃    3᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠪᠦᠬᠦ ᠬᠤᠲᠠ ᠶᠢᠨ ᠡᠮ ᠡᠮᠨᠡᠯᠭᠡ ᠶᠢᠨ ᠳᠠᠭᠠᠳᠬᠠᠯ ᠤᠨ ᠰᠦᠢᠳᠬᠡᠯ ᠳᠠᠲᠠᠪᠤᠷᠢᠯᠠᠬᠤ ᠠᠵᠢᠯ‌ᠢ ᠬᠠᠷᠢᠭᠤᠴᠠᠵᠤ᠂ ᠴᠠᠭ ᠲᠤᠬᠠᠢ ᠳᠤᠨᠢ ᠲᠠᠲᠠᠪᠤᠷᠢᠯᠠᠨ ᠲᠤᠰᠢᠶᠠᠵᠤ ᠬᠥᠮᠥᠷᠭᠡ ᠳᠤ ᠤᠷᠤᠭᠤᠯᠬᠤ ᠶᠢ ᠪᠠᠲᠤᠯᠠᠨ᠎ᠠ᠃ ᠡᠯ᠎ᠡ ᠱᠠᠲᠤᠨ ᠤ ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠪᠣᠯᠤᠨ ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠤᠳ ᠨᠡᠪᠲᠡᠷᠡᠯᠴᠡᠨ ᠬᠠᠮᠵᠢᠯᠴᠠᠬᠤ ᠲᠣᠭᠲᠠᠴᠠ ᠶᠢ ᠪᠠᠶᠢᠭᠤᠯᠵᠤ᠂ ᠳᠠᠭᠠᠳᠬᠠᠯ ᠳᠤ ᠣᠷᠣᠯᠴᠠᠬᠤ ᠬᠡᠪᠴᠢᠶ᠎ᠡ ᠪᠠᠨ ᠥᠷᠭᠡᠳᠬᠡᠬᠦ ᠪᠠ ᠰᠠᠭᠤᠷᠢ ᠮᠥᠩᠭᠦ ᠲᠠᠲᠠᠪᠤᠷᠢᠯᠠᠨ ᠲᠤᠰᠢᠶᠠᠬᠤ ᠠᠵᠢᠯ ᠢ ᠬᠠᠮᠲᠤᠪᠠᠷ ᠠᠬᠢᠭᠤᠯᠤᠨ᠎ᠠ᠃ ︽ᠵᠠᠰᠠᠭ ᠤᠨ ᠣᠷᠳᠣᠨ ᠠᠴᠠ ᠨᠢᠭᠡᠳᠦᠯᠲᠡᠶ ᠵᠣᠬᠢᠶᠠᠨ ᠪᠠᠶᠢᠭᠤᠯᠵᠤ᠂ ᠣᠯᠠᠨ ᠲᠠᠯ᠎ᠠ ᠪᠠᠷ ᠬᠠᠮᠵᠢᠯᠴᠠᠨ ᠬᠠᠮᠵᠢᠯᠴᠠᠬᠤ︾ ᠵᠡᠷᠭᠡ ᠠᠷᠭ᠎ᠠ ᠮᠠᠶ᠋ᠢᠭ ᠢ ᠠᠪᠴᠤ᠂ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠶᠢᠨ ᠬᠤᠷᠢᠶᠠᠪᠠᠰᠤ ᠵᠤᠬᠢᠬᠤ ᠪᠦᠬᠦᠨ ᠢ ᠬᠤᠷᠢᠶᠠᠬᠤ ᠶᠢ ᠦᠨᠡᠨᠬᠦ ᠪᠠᠲᠤᠯᠠᠨ᠎ᠠ᠃    4᠂ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠤᠳ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠪᠦᠬᠦ ᠠᠷᠠᠳ ᠢᠶᠠᠷ ᠢᠶᠠᠨ ᠳᠠᠭᠠᠳᠬᠠᠯ ᠳᠤ ᠣᠷᠣᠯᠴᠠᠬᠤ ᠠᠵᠢᠯ ᠢ ᠰᠠᠶᠢᠲᠤᠷ ᠬᠢᠵᠤ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠮᠡᠳᠡᠭᠡ ᠵᠠᠩᠭᠢ ᠶᠢᠨ ᠰᠢᠰᠲ᠋ᠧᠮ ᠢ ᠵᠣᠯᠭᠠᠭᠤᠯᠬᠤ ᠶᠢ ᠰᠠᠶᠢᠳᠤᠷ ᠬᠢᠬᠦ ᠬᠡᠷᠡᠭᠲᠡᠶ᠃    5᠂ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠯᠢ ᠺᠧ ᠴᠢᠶᠠᠩ ᠡᠷᠡᠭᠦᠯ ᠬᠠᠮᠠᠭᠠᠯᠠᠯ ᠡᠷᠡᠭᠦᠯ ᠬᠠᠮᠠᠭᠠᠯᠠᠯ ᠤᠨ ᠰᠠᠯᠠᠭ᠎ᠠ ᠮᠥᠴᠢᠷ ᠳᠠᠭᠠᠳᠬᠠᠯ ᠳᠤ ᠣᠷᠣᠯᠴᠠᠭᠰᠠᠳ ᠢ ᠬᠥᠲᠥᠯᠥᠨ ᠵᠢᠯᠤᠭᠤᠳᠴᠤ ᠣᠶᠤᠨᠴᠢ ᠪᠠᠷ ᠡᠮᠨᠡᠭᠦᠯᠬᠦ ᠠᠵᠢᠯ ᠢ ᠦᠨᠡᠨᠬᠦ ᠰᠠᠶᠢᠲᠤᠷ ᠬᠢᠵᠦ᠂ ᠱᠠᠲᠤ ᠬᠤᠪᠢᠶᠠᠨ ᠣᠨᠣᠰᠢᠯᠠᠨ ᠡᠮᠨᠡᠬᠦ᠂ ᠡᠮᠴᠢᠯᠡᠭᠡᠨ ᠤ ᠬᠤᠯᠪᠣᠭᠠᠲᠤ ᠴᠣᠭᠴᠠ ᠶᠢᠨ ᠪᠠᠶᠢᠭᠤᠯᠤᠯᠲᠠ ᠵᠢᠴᠢ ᠦᠨᠳᠦᠰᠦᠨ ᠱᠠᠲᠤᠨ ᠤ ᠡᠮᠴᠢᠯᠡᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠤᠶᠢᠯᠡᠴᠢᠯᠡᠬᠡᠨ ᠤ ᠴᠢᠳᠠᠪᠤᠷᠢ ᠶᠢ ᠳᠡᠭᠡᠭᠰᠢᠯᠡᠬᠦᠯᠬᠦ ᠵᠡᠷᠭᠡ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠵᠦ᠂ ᠳᠠᠭᠠᠳᠬᠠᠯ ᠳᠤ ᠣᠷᠣᠯᠴᠠᠭᠰᠠᠳ ᠤᠨ ᠴᠢᠨᠠᠷ ᠰᠠᠶᠢᠲᠠᠶ ᠡᠮᠴᠢᠯᠡᠭᠡ ᠡᠷᠡᠭᠦᠯ ᠬᠠᠮᠠᠭᠠᠯᠠᠯ ᠤᠨ ᠣᠶᠢᠯᠡᠴᠢᠯᠡᠭᠡ ᠬᠦᠷᠲᠡᠬᠦ ᠶᠢ ᠨᠠᠩ ᠰᠠᠶᠢᠲᠤᠷ ᠪᠠᠲᠤᠯᠠᠨ᠎ᠠ᠃    6᠂ ᠳᠤᠮᠳᠠᠳᠤ ᠤᠯᠤᠰ ᠠᠴᠠ ᠡᠪ ᠬᠠᠮᠲᠤ ᠨᠠᠮ ᠤᠨ ᠲᠥᠪ ᠬᠤᠷᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ᠂ ᠬᠢᠨᠠᠨ ᠪᠣᠳᠣᠬᠤ ᠪᠠᠶᠢᠭᠤᠯᠭ᠎ᠠ ᠡᠯ᠎ᠡ ᠵᠦᠢᠯ ᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠳᠤ ᠬᠢᠨᠠᠯᠲᠠ ᠲᠠᠯᠪᠢᠬᠤ᠂ ᠪᠠᠶᠢᠴᠠᠭᠠᠬᠤ᠂ ᠬᠢᠨᠠᠨ ᠪᠣᠳᠣᠬᠤ ᠠᠵᠢᠯ ᠢ ᠰᠠᠶᠢᠲᠤᠷ ᠬᠢᠵᠦ᠂ ᠠᠵᠢᠯ ᠤᠨ ᠡᠭᠦᠷᠭᠡ ᠬᠠᠷᠢᠭᠤᠴᠠᠯᠭ᠎ᠠ ᠶᠣᠰᠣᠭᠠᠷ᠂ ᠰᠠᠭᠤᠷᠢ ᠮᠥᠩᠭᠦ ᠶᠢᠨ ᠬᠠᠮᠢᠶᠠᠷᠤᠯᠲᠠ ᠶᠢᠨ ᠳᠤᠮᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠠᠤᠯᠢ ᠲᠣᠭᠲᠠᠭᠠᠯ ᠶᠣᠰᠣᠭᠠᠷ ᠴᠠᠭ ᠲᠤᠬᠠᠶ ᠳᠤᠨᠢ ᠵᠠᠯᠠᠷᠠ ᠭᠤᠯᠬᠤ ᠬᠡᠷᠡᠭᠲᠡᠶ᠃    7᠂ ᠮᠥᠩᠭᠦᠨ ᠬᠦᠢᠯᠬᠡᠬᠡᠨ ᠤ ᠰᠠᠯᠠᠭ᠎ᠠ ᠮᠥᠴᠢᠷ ᠤᠳ ᠡᠳ᠋ ᠤᠨ ᠵᠠᠰᠠᠭ᠂ ᠭᠠᠶᠢᠯᠢ ᠶᠢᠨ ᠶᠠᠪᠤᠳᠠᠯ ᠤᠨ ᠰᠠᠯᠠᠭ᠎ᠠ ᠮᠦᠴᠢᠷ ᠲᠤ ᠬᠠᠮᠢᠶ᠎ᠠ ᠪᠦᠬᠦᠢ ᠮᠡᠳᠡᠭᠦᠯᠬᠦ ᠬᠦᠰᠦᠨᠦᠭᠲᠦ ᠶᠢ ᠴᠠᠭ ᠲᠤᠬᠠᠶ ᠳᠤᠨᠢ ᠬᠠᠩᠭᠠᠵᠤ᠂ ᠳᠠᠩᠰᠠ ᠬᠠᠷᠭᠤᠭᠤᠯᠬᠤ ᠠᠵᠢᠯ ᠢ ᠰᠠᠶᠢᠲᠤᠷ ᠬᠢᠬᠦ ᠬᠡᠷᠡᠭᠲᠡᠶ᠃    8᠂ ᠳᠤᠮᠳᠠᠳᠤ ᠤᠯᠤᠰ ᠠᠴᠠ ᠡᠪ ᠬᠠᠮᠲᠤ ᠨᠠᠮ ᠤᠨ ᠲᠥᠪ ᠬᠤᠷᠢᠶᠠᠨ ᠤ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠨᠤᠭᠤᠳ ᠲᠤᠰ ᠭᠠᠵᠠᠷ ᠣᠷᠣᠨ ᠤ ᠪᠠᠨ ᠡᠮ ᠡᠮᠨᠡᠯᠭᠡ ᠶᠢᠨ ᠪᠠᠲᠤᠯᠠᠭ᠎ᠠ ᠶᠢᠨ ᠠᠵᠢᠯ ᠢ ᠤᠳᠤᠷᠢᠳᠴᠤ᠂ ᠲᠤᠰ ᠭᠠᠵᠠᠷ ᠣᠷᠣᠨ ᠤ ᠪᠠᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠬᠤ ᠬᠡᠪᠴᠢᠶ᠎ᠡ ᠶᠢ ᠥᠷᠭᠡᠳᠬᠡᠬᠦ᠂ ᠰᠠᠭᠤᠷᠢ ᠮᠥᠩᠭᠦ ᠲᠠᠲᠠᠪᠤᠷᠢᠯᠠᠬᠤ ᠪᠠ ᠴᠢᠭ ᠲᠤᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠬᠠᠮᠢᠶᠠᠷᠤᠯᠲᠠ ᠵᠡᠷᠭᠡ ᠠᠵᠢᠯ ᠢ ᠬᠠᠷᠢᠭᠤᠴᠠᠨ᠎ᠠ᠃ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠡᠮᠴᠢᠯᠡᠭᠡᠨ ᠤ ᠪᠠᠲᠤᠯᠠᠭ᠎ᠠ᠂ ᠡᠳ᠋ ᠤᠨ ᠵᠠᠰᠠᠭ᠂ ᠭᠠᠶᠢᠯᠢ ᠶᠢᠨ ᠶᠠᠪᠤᠳᠠᠯ ᠵᠡᠷᠭᠡ ᠰᠠᠯᠠᠭ᠎ᠠ ᠮᠥᠴᠢᠷ ᠤᠳ ᠡᠭᠦᠷᠭᠡ ᠴᠢᠳᠠᠪᠤᠷᠢ ᠶᠣᠰᠣᠭᠠᠷ ᠵᠣᠬᠢᠴᠠᠩᠭᠤᠶ ᠠᠵᠢᠯ ᠢ ᠬᠠᠷᠢᠭᠤᠴᠠᠨ᠎ᠠ᠃                                                   ᠣᠷᠴᠢᠭᠤᠯᠣᠭᠴᠢ᠄ ᠡᠷᠳᠡᠨᠢᠴᠢᠮᠡᠭ                      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号