ᠣᠪᠣᠭ᠎ᠠ ᠳᠠᠬᠢᠬᠤ
ᠨᠡᠶᠢᠲᠡᠯᠡᠭᠰᠡᠨ ᠴᠠᠭ᠄
2019-08-07
                                ᠣᠪᠣᠭ᠎ᠠ  ᠳᠠᠬᠢᠬᠤ     ﹇ᠣᠪᠣᠭ᠎ᠠ ᠳᠠᠬᠢᠬᠤ﹈ ᠪᠣᠯ ᠴᠠᠬᠠᠷ ᠮᠤᠩᠭᠤᠯᠴᠣᠳ ᠤᠨ ᠣᠯᠡᠮᠵᠢᠯᠡᠯᠳᠦ ᠳᠠᠬᠢᠯᠭ᠎ᠠ ᠪᠣᠯᠬᠤ ᠶᠣᠮ᠃ ᠣᠪᠣᠭ᠎ᠠ ᠳᠠᠬᠢᠬᠤ ᠨᠢ ᠵᠢᠯ ᠪᠦᠷᠢ ᠶᠢᠨ ᠲᠠᠪᠣᠨ ᠰᠠᠷ᠎ᠡ ᠶᠢᠨ ᠰᠢᠨ᠎ᠡ ᠶᠢᠨ ᠳᠣᠯᠣᠭᠠᠨ ᠪᠣᠶᠣ ᠠᠷᠪᠡᠨ ᠭᠤᠷᠪᠡᠨ ᠳᠤ ᠶᠠᠪᠣᠭᠳᠠᠳᠠᠭ᠃ ᠣᠪᠣᠭ᠎ᠠ ᠳᠠᠬᠢᠬᠤ ᠦᠶ᠎ᠡ ᠳᠤ ᠬᠦᠮᠦᠰ ᠪᠠᠶᠠᠷ ᠤᠨ ᠡᠳᠦᠷ ᠤᠨ ᠬᠤᠪᠴᠡᠰᠦ ᠪᠠᠨ ᠡᠮᠣᠰᠴᠣ᠂ ᠪᠦᠬᠦᠯᠢ ᠬᠤᠨᠢ᠂ ᠣᠭᠤᠴᠠ᠂ ᠴᠠᠭᠠᠨ ᠢᠳᠡᠭᠡ᠂ ᠠᠷᠢᠬᠢ᠂ ᠬᠠᠳᠠᠭ ᠵᠡᠷᠭᠡ ᠪᠠᠨ ᠠᠪᠴᠣ ᠣᠪᠣᠭᠠᠨ ᠳᠠᠭᠠᠨ ᠴᠣᠭᠯᠠᠷᠡᠳᠠᠭ᠃ ᠮᠤᠩᠭᠤᠯᠴᠣᠳ ᠣᠪᠣᠭᠠᠨ ᠳᠠᠭᠠᠨ ᠰᠦᠬᠦᠳᠴᠣ᠂ ᠲᠠᠯ᠎ᠠ ᠨᠣᠳᠤᠭ ᠤᠨ ᠦᠯᠵᠡᠢ ᠪᠡᠯᠬᠡ ᠲᠠᠢ ᠪᠠᠶᠢᠬᠤ ᠶᠢ ᠢᠷᠦᠭᠡᠳᠡᠭ᠃     ᠴᠠᠬᠠᠷ ᠪᠠᠷᠠᠭᠤᠨ ᠭᠠᠷᠣᠨ ᠬᠤᠶᠢᠳᠦ ᠬᠤᠰᠢᠭᠤᠨ ᠤ ᠣᠯᠠᠭᠠᠨ ᠬᠠᠳᠡ ᠰᠣᠮᠦ ᠶᠢᠨ ᠬᠠᠷᠢᠶᠠᠳᠦ ᠬᠠᠨ ᠠᠭᠤᠯᠠ ᠭᠠᠴᠠᠭᠠᠨ ᠤ ᠬᠢᠵᠠᠭᠠᠷ ᠲᠤ ﹇ᠴᠠᠬᠠᠷ ᠬᠠᠨ ᠠᠭᠤᠯᠠ﹈ ᠭᠡᠳᠡᠭ ᠦᠨᠳᠦᠷ ᠰᠦᠷᠯᠢᠭ ᠣᠪᠣᠭ᠎ᠠ ᠪᠠᠶᠢᠳᠠᠭ᠃     ᠲᠡᠭᠷᠢ ᠶᠢ ᠳᠠᠬᠢᠬᠤ ᠪᠣᠯ ᠮᠤᠩᠭᠤᠯᠴᠣᠳ ᠤᠨ ᠣᠯᠡᠮᠵᠢᠯᠡᠯᠳᠦ ᠵᠠᠩᠰᠢᠯ ᠪᠣᠯᠣᠨ᠎ᠠ᠃ ᠭᠡᠳᠣᠨ ᠮᠢᠩᠭᠠᠨ ᠵᠢᠯ ᠤᠨ ᠲᠡᠣᠬᠡ ᠲᠠᠢ ᠪᠣᠯᠣᠭᠰᠡᠨ᠃ ︽ᠲᠡᠭᠷᠢ︾ ᠶᠢ ᠭᠤᠶᠣᠵᠤ᠂ ᠠᠷᠡᠳ ᠢᠷᠭᠡᠳ ᠤᠨ ᠠᠮᠣᠷ ᠠᠮᠣᠭᠤᠯᠡᠩ ᠢ ᠢᠪᠡᠭᠡᠵᠤ᠂ ᠬᠤᠷ᠎ᠡ ᠪᠣᠷᠣᠭᠠᠨ ᠳᠡᠭᠰᠢ ᠪᠠᠶᠢᠬᠤ ᠶᠢ ᠳᠠᠭᠠᠳᠬᠠᠬᠤ ᠶᠢᠨ ᠲᠦᠯᠦᠬᠡ ᠶᠣᠮ᠃     ᠴᠠᠬᠠᠷ ᠮᠤᠩᠭᠤᠯᠴᠣᠳ ᠡᠷᠳᠡ ᠡᠷᠳᠡ ᠳᠡᠭᠡᠳᠦ ᠠᠴᠠ ᠪᠠᠨ ᠦᠪᠡᠷ ᠤᠨ ᠦᠪᠡᠷᠮᠢᠴᠡ ᠭᠠᠯ ᠳᠠᠬᠢᠳᠠᠭ ᠵᠠᠩᠰᠢᠯ  ᠲᠠᠢ᠃ ᠭᠠᠯ ᠳᠠᠬᠢᠬᠤ ᠶᠢ ᠮᠤᠩᠭᠤᠯ ᠢᠶᠠᠷ ︽ᠭᠠᠯ ᠳᠠᠬᠢᠬᠤ︾ ᠭᠡᠳᠡᠭ᠃ ᠣᠴᠢᠷ ᠨᠢ‌ᠮᠤᠩᠭᠤᠯᠴᠣᠳ ᠭᠠᠯ ᠢ ᠡᠷᠬᠢᠮᠯᠡᠨ ᠳᠡᠭᠡᠳᠦᠯᠡᠳᠡᠭ᠃ ᠮᠤᠩᠭᠤᠯᠴᠣᠳ ᠨᠢ ᠭᠠᠯ ᠶᠢ ᠨᠢᠬᠡ ᠭᠡᠷ ᠪᠦᠯᠢ ᠶᠢᠨ ᠬᠠᠮᠠᠭᠠᠯᠠᠬᠤ ᠰᠠᠬᠢᠭᠤᠯᠰᠣᠨ ᠢᠶᠠᠷ ᠦᠵᠡᠳᠡᠭ᠃      ᠴᠠᠬᠠᠷ ᠮᠤᠩᠭᠤᠯᠴᠣᠳ ᠤᠨ ᠳᠠᠬᠢᠯᠭ᠎ᠠ ᠳᠠᠶᠢᠯᠣᠯᠭ᠎ᠠ ᠶᠢᠨ ᠠᠵᠢᠯᠯᠠᠭ᠎ᠠ ᠨᠢ ᠮᠤᠩᠭᠤᠯᠴᠣᠳ‌‍ᠤᠨ ᠪᠠᠶᠢᠭᠠᠯᠢ ᠶᠢ ᠪᠢᠰᠢᠷᠡᠨ ᠬᠦᠨᠳᠣᠳᠭᠡᠬᠦ ᠠᠮᠢ ᠠᠬᠤᠢ ᠶᠢᠨ ᠣᠶᠢᠯᠠᠭᠠᠭᠳᠠᠬᠤᠨ ᠢ ᠢᠯᠡᠷᠡᠭᠦᠯᠵᠤ᠂ ᠪᠠᠶᠢᠭᠠᠯᠢ ᠲᠠᠢ ᠡᠶ᠎ᠡ ᠵᠣᠬᠢᠴᠡᠯ ᠲᠠᠢ  ᠪᠠᠷ ᠬᠠᠮᠳᠦ ᠣᠷᠣᠰᠢᠬᠤ ᠠᠷᠢᠭᠤᠨ ᠳᠠᠷᠬᠠᠨ ᠳᠠᠭᠠᠳᠬᠠᠯ ᠪᠠ ᠢᠷᠡᠭᠡᠳᠦᠢ ᠤᠨ ᠳᠣᠬᠠᠢ ᠰᠠᠶᠢᠨ ᠰᠠᠶᠢᠬᠠᠨ ᠬᠦᠰᠡᠯ ᠡᠷᠡᠮᠯᠡᠵᠡᠯ ᠢᠶᠠᠨ ᠢᠯᠡᠳᠬᠡᠵᠡᠢ᠃
 
ᠢᠷᠡᠯᠲᠡ᠄ ᠴᠠᠬᠠᠷ ᠪᠠᠷᠠᠭᠤᠨ ᠭᠠᠷᠣᠨ ᠬᠤᠶᠢᠳᠦ ᠬᠤᠰᠢᠭᠤᠨ ᠤ ᠮᠡᠳᠡᠭᠡ ᠵᠠᠩᠭᠢᠴᠢᠯᠡᠯᠲᠡ ᠶᠢᠨ ᠠᠯᠪᠡᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号