ᠬᠡᠷᠬᠢᠨ ᠨᠣᠮ ᠣᠩᠰᠢᠬᠤ ᠳᠣᠬᠠᠢ ᠵᠦᠪᠯᠡᠮᠵᠢ | | ᠲᠠᠨ ᠳᠤ ᠤᠩᠰᠢᠬᠤ ᠴᠢᠳᠠᠪᠤᠷᠢ ᠰᠡᠭᠦᠯ ᠤᠨ ᠵᠢᠯ ᠤᠳ ᠲᠤ ᠰᠠᠶᠢᠵᠢᠷᠠᠬᠰᠠᠨ ᠤᠤ︖ ᠲᠠ ᠡᠨᠡ 2016 | ᠤᠨᠤ ᠲᠦᠯᠦᠪᠯᠡᠭᠡᠨ ᠳᠡᠭᠡᠨ ᠢᠯᠡᠭᠦᠦ ᠠᠷᠪᠢᠨ ᠨᠤᠮ ᠤᠩᠰᠢᠬᠤ ᠲᠦᠯᠦᠪᠯᠡᠭᠡ ᠭᠠᠷᠭᠠᠬᠰᠠᠨ ᠤᠤ︖ ᠭᠡᠰᠡᠨ ᠴᠤ | ᠲᠠ ᠬᠡᠷᠬᠢᠨᠰᠠᠶᠢᠨ ᠤᠩᠰᠢᠬᠴᠢ ᠪᠤᠯᠬᠤ ᠪᠠᠨ ᠮᠡᠳᠡᠭᠦ ᠦᠭᠡᠢ ᠪᠠᠶᠢᠨ᠎ᠠ ᠤᠤ︖ ᠶᠠᠭᠠᠬᠢᠭᠠᠳ ᠨᠢᠭᠡ ᠵᠢᠯ ᠳᠤ 100 | ᠨᠤᠮ ᠭᠡᠵᠦ ᠤᠤ︖ ᠪᠢᠳᠡ ᠶᠡᠬᠡᠪᠴᠢᠯᠡᠨ ᠪᠤᠰᠤᠳ ᠤᠨ ᠲᠤᠷᠰᠢᠯᠭ᠎ᠠ ᠠᠴᠠ ᠰᠤᠷᠤᠯᠴᠠᠬᠤ ᠭᠡᠵᠦ ᠨᠤᠮ ᠤᠩᠰᠢᠳᠠᠬ | ᠃ ︽ᠲᠡᠨᠡᠭ ᠤᠳ ᠲᠤᠷᠰᠢᠯᠭ᠎ᠠ ᠠᠴᠠ ᠰᠤᠷᠤᠯᠴᠠᠳᠠᠬ᠂ ᠭᠡᠬᠦ ᠳᠡᠭᠡᠨ ᠪᠢ | ᠪᠤᠰᠤᠳᠤᠨᠲ᠋ᠤᠷᠰᠢᠯᠭᠠ ᠡᠴᠠᠰᠤᠷᠤᠯᠴᠠᠬᠤ ᠶᠢ ᠢᠯᠡᠭᠦᠦ ᠳᠤ ᠦᠵᠡᠳᠡᠭ︾᠃ ᠦᠪᠡᠷ ᠢ ᠪᠠᠨ ᠬᠦᠭᠵᠢᠭᠦᠯᠬᠦ ᠳᠤ᠂ | ᠦᠪᠡᠷᠢᠪᠠᠨᠲ᠋ᠠᠨᠢᠬᠤ ᠳᠤ ᠲᠠᠨ ᠳᠤ ᠨᠤᠮ ᠲᠤᠰᠠᠯᠠᠨ᠎ᠠ᠂ ᠬᠠᠷᠢᠨ ᠬᠡᠷᠬᠢᠨ ᠦᠷ᠎ᠡ ᠳ᠋ᠦ᠋ᠩ ᠲᠠᠢ ᠨᠤᠮ ᠤᠩᠰᠢᠬᠤ ᠳᠤ | ᠪᠢᠳᠡᠲ᠋ᠠᠨ ᠳᠤ ᠵᠦᠪᠯᠡᠶ᠎ᠡ᠃ | ᠨᠢᠭᠡ᠂ ᠤᠯᠠᠨ ᠢᠶᠠᠷ ᠨᠢ ᠠᠪ ᠭᠧᠷᠮᠡᠨ ᠤ ᠰᠡᠷᠭᠦᠨ ᠮᠠᠨᠳᠤᠯᠳᠠ ᠶᠢᠨ ᠦᠶ᠎ᠡ ᠶᠢᠨ ᠤᠬᠠᠬᠳᠠᠬᠤᠨ ᠡᠷᠮᠡᠰᠤᠰ | ︽ᠪᠢ ᠪᠠᠭ᠎ᠠ ᠮᠦᠩᠬᠦ ᠲᠠᠢ ᠯᠡ ᠪᠤᠯ ᠨᠤᠮ ᠠᠪᠳᠠᠬ᠃ ᠬᠡᠷᠪᠡ ᠮᠦᠩᠭᠦ ᠦᠯᠡᠳᠡᠪᠡᠯ ᠪᠢ ᠬᠤᠪᠴᠠᠰᠤ ᠪᠤᠯᠤᠨ | ᠬᠤᠭᠤᠯᠠ ᠠᠪᠳᠠᠬ︾ ᠭᠡᠵᠦ ᠬᠡᠯᠡᠵᠡᠢ᠂ ᠰᠠᠶᠢᠨᠨᠤᠮ ᠳᠤ ᠵᠠᠷᠤᠴᠠᠭᠤᠯᠤᠬᠰᠠᠨ ᠮᠦᠩᠭᠦ ᠪᠤᠯ ᠮᠠᠰᠢ ᠲᠤᠮᠤ ᠬᠦᠷᠦᠩᠭᠡ | ᠤᠷᠤᠭᠤᠯᠤᠯᠲᠠ᠂ ᠪᠢᠳᠡᠨᠤᠮ ᠠᠪᠬᠤ ᠨᠢ ᠮᠦᠩᠭᠦᠨ ᠤ ᠭᠠᠷᠤᠵᠠ ᠭᠡᠳᠡᠭ ᠴᠤ ᠨᠤᠮ ᠤᠩᠰᠢᠬᠤ ᠦᠭᠡᠢ ᠪᠠᠶᠢᠬᠤ ᠨᠢ | ᠯᠡ ᠵᠢᠩᠬᠢᠨᠢ ᠭᠠᠷᠤᠵᠠ᠂ ᠬᠤᠪᠴᠠᠰᠤ ᠭᠤᠲᠤᠯᠲ᠋ᠤᠷᠠ ᠪᠠᠷ ᠢᠶᠠᠨ ᠠᠪᠴᠤ ᠡᠮᠦᠰᠳᠡᠭ ᠭᠢᠷᠢᠨ ᠢᠶᠠᠨ ᠨᠤᠮ | ᠠᠪᠬᠤ ᠠᠴᠠ ᠨᠠᠷᠢᠯᠠᠵᠦ ᠪᠠᠶᠢᠪᠠᠯ ᠲᠡᠷᠡ ᠤᠳᠬ᠎ᠠ ᠦᠭᠡᠢ ᠬᠡᠷᠡᠭ᠃ ᠲᠠ ᠤᠯᠠᠨ ᠨᠤᠮ ᠲᠠᠢ ᠪᠠᠶᠢᠬᠤ ᠲᠤᠰᠤᠮᠢᠶ᠋ᠠᠨ | ᠰᠢᠯᠢᠵᠦ ᠰᠤᠩᠭᠤᠬᠤ ᠤᠩᠰᠢᠬᠤ ᠪᠤᠯᠤᠮᠵᠢ ᠲᠠᠢ ᠪᠤᠯᠤᠨ᠎ᠠ᠂ ᠪᠢᠳᠡᠨ ᠤ ᠤᠩᠰᠢᠬᠰᠠᠨ ᠶᠡᠬᠡᠩᠬᠢ ᠨᠤᠮᠤᠳ | ᠲᠦᠯᠦᠪᠯᠡᠭᠳᠡᠭᠡ ᠦᠭᠡᠢ ᠪᠠᠶᠢᠳᠠᠬ᠂ ᠶᠡᠷᠦ ᠨᠢ ᠯᠡ ︽ᠪᠢ ᠡᠨᠡ ᠨᠤᠮ ᠢ 5 ᠳ᠋ᠤᠭᠠᠷ ᠰᠠᠷ᠎ᠠ ᠵᠢᠨᠡᠬᠢᠨ ᠤ ᠳᠤᠯᠤᠭ᠎ᠠ | ᠬᠤᠨᠤᠬ ᠲᠤ ᠤᠩᠰᠢᠨ᠎ᠡ︾ ᠭᠡᠵᠦ ᠨᠤᠮ ᠠᠪᠳᠠᠬ ᠬᠦᠮᠦᠨ ᠴᠦᠭᠡᠭᠡᠨ ᠰᠢᠦ ᠳ᠋ᠠ᠃ | ᠬᠤᠶᠠᠷ᠂ ᠦᠷᠭᠦᠯᠵᠢ ᠤᠩᠰᠢᠵᠦ ᠪᠠᠢ ᠡᠳᠦᠷ ᠲᠤ ᠪᠢ ᠨᠢᠭᠡ ᠴᠠᠬ ᠢ ᠵᠠᠷᠤᠴᠠᠭᠤᠯᠵᠦ ᠨᠤᠮ ᠤᠩᠰᠢᠨ᠎ᠡ᠃ | ᠦᠷᠯᠦᠭᠡ ᠪᠤᠰᠤᠭᠠᠳ ᠰᠢᠳᠤ ᠪᠠᠨᠤᠬᠢᠶᠠᠬᠤ ᠶᠤᠰᠤᠲᠠᠢ ᠭᠡᠳᠡᠭ ᠲᠠᠢ ᠠᠳᠠᠯᠢ ᠨᠤᠮ ᠤᠩᠰᠢᠬᠤ ᠶᠤᠰᠤᠲᠠᠢ ᠭᠡᠳ ᠯᠡ | ᠪᠤᠳᠤᠴᠢᠬᠠ᠂ ᠬᠠᠷᠢᠨ ᠵᠠᠪ ᠦᠭᠡᠢ᠂ ᠡᠰᠡᠪᠡᠯ ᠶᠠᠳᠠᠷᠠᠬᠰᠠᠨ ᠭᠡᠵᠦ ᠪᠢᠳᠡᠬᠡᠢ ᠰᠢᠯᠲᠠᠬ ᠲᠤᠭᠠᠴᠢᠭᠠᠷᠠᠢ᠂ | ᠬᠦᠯᠢᠶᠡᠬᠦ ᠳᠡᠭᠡᠨ᠂ ᠮᠠᠰᠢᠨᠳᠤ ᠰᠠᠭᠤᠬᠤ ᠳᠠᠭᠠᠨ ᠪᠠᠶᠢᠩᠭᠤ ᠤᠩᠰᠢᠵᠦ ᠪᠠᠶᠢᠭᠠᠷᠠᠢ᠃ ᠬᠡᠷᠪᠡ ᠡᠳᠦᠷ ᠲᠤ ᠲᠠ ᠬᠡᠢ | ᠬᠤᠭᠤᠰᠤᠨᠦᠩᠭᠡᠷᠡᠭᠦᠯᠳᠡᠭ ᠨᠢᠭᠡ ᠴᠠᠬ ᠢᠶᠠᠨ ᠤᠩᠰᠢᠬᠤ ᠳᠤ ᠵᠠᠷᠤᠴᠠᠭᠤᠯᠬᠤ ᠶᠤᠮ ᠪᠤᠯ ᠲᠠ ᠵᠢᠯ ᠳᠤ 100 | ᠨᠤᠮ ᠬᠠᠨᠭ᠍ᠭᠠᠯᠲᠠᠲ᠋ᠠᠢ ᠤᠩᠰᠢᠵᠦ ᠴᠢᠳᠠᠨ᠎ᠠ᠂ ᠳᠤᠮᠳᠠᠴᠢ ᠬᠤᠷᠲᠤ ᠲᠠᠢ ᠬᠦᠮᠦᠨ ᠨᠢᠭᠡ ᠴᠠᠬᠲ᠋ᠤ 50 ᠬᠠᠭᠤᠳᠠᠰᠤ | ᠤᠩᠰᠢᠳᠠᠬ᠂ ᠬᠡᠷᠪᠡ ᠳᠤᠯᠤᠭᠠᠨᠬᠤᠨᠤᠬ ᠲᠤ ᠲᠠ10 ᠬᠠᠭᠤᠳᠠᠰᠤ ᠤᠩᠰᠢᠳᠠᠬ ᠭᠡᠵᠦ ᠲᠤᠭᠠᠴᠢᠪᠠᠯ ᠵᠢᠯ ᠳᠤ | 26000 ᠬᠠᠭᠤᠳᠠᠰᠤ ᠤᠩᠰᠢᠨ᠎ᠡ᠂ ᠨᠢᠭᠡ ᠨᠤᠮ ᠳᠤᠮᠳᠠᠴᠢ ᠪᠠᠷ 250ᠬᠠᠭᠤᠳᠠᠰᠤ ᠲᠠᠢ ᠭᠡᠪᠡᠯ ᠲᠠ ᠵᠢᠯ ᠳᠤ | 104 ᠰᠢᠷᠭᠡᠭ ᠨᠤᠮ ᠤᠩᠰᠢᠨ᠎ᠡ ᠭᠡᠰᠡᠨ ᠦᠭᠡ᠃ | ᠭᠤᠷᠪᠠ᠂ ᠬᠠᠮᠢᠶᠠᠷᠤᠯ ᠲᠠᠢ ᠵᠦᠢᠯ ᠢᠶᠠᠨ ᠯᠡ ᠤᠩᠰᠢ ᠲᠠ ᠮᠠᠰᠢ ᠰᠠᠶᠢᠨ ᠭᠡᠵᠦ ᠪᠤᠰᠤᠳ ᠠᠴᠠ | ᠰᠤᠨᠤᠰᠤᠨ ᠨᠤᠮ ᠠᠪᠤᠬᠰᠠᠨ ᠴᠤ ᠲᠠᠨ ᠳᠤ ᠤᠬᠲᠤ ᠲᠠᠭᠠᠯᠠᠬᠳᠠᠭᠠ ᠦᠭᠡᠢ ᠨᠤᠮ ᠪᠠᠶᠢᠭ᠎ᠠ ᠤᠤ︖ ᠬᠡᠨ ᠪᠦᠬᠦᠨ | ᠳᠤᠷᠠᠯᠠᠵᠦ ᠤᠩᠰᠢᠬᠰᠠᠨ ᠨᠤᠮ ᠬᠤᠪᠢ ᠬᠦᠮᠦᠨ ᠳᠤ ᠲᠠᠭᠠᠯᠠᠬᠳᠠᠬᠤ ᠦᠭᠡᠢ ᠪᠠᠶᠢᠬᠤ ᠨᠢ ᠪᠤᠢ᠂ ᠲᠡᠭᠡᠬᠦ ᠪᠠᠷ ᠤᠯᠠᠨ | ᠬᠦᠮᠦᠨ ᠤ ᠠᠮᠠᠨ ᠠᠴᠠ ᠰᠤᠨᠤᠰᠤᠬᠰᠠᠨ ᠨᠤᠮᠡᠴᠠ ᠢᠯᠡᠭᠦᠦ ᠲᠠᠢ ᠪᠠᠷ ᠦᠪᠡᠷ ᠲᠤ ᠴᠢᠨᠢ ᠡᠷᠴᠢ ᠬᠦᠴᠦᠨ | ᠦᠭᠭᠦ᠋ᠢᠴᠡ ᠨᠤᠮ ᠢ ᠤᠩᠰᠢ᠂ ᠬᠦᠮᠦᠰ ᠨᠤᠮ ᠪᠢᠴᠢᠭᠡᠳ ᠪᠠᠷᠤᠬ 2000 ᠵᠢᠯ ᠦᠩᠭᠡᠷᠡᠭᠰᠡᠨ ᠲᠤᠯᠠ ᠲᠠᠨ ᠳᠤ | ᠲᠠᠭᠠᠰᠢᠶᠠᠬᠳᠠᠬᠤ ᠨᠤᠮ ᠤᠯᠳᠠᠵᠦ ᠯᠡᠲ᠋ᠠᠭᠠᠷᠠᠨᠠ᠃ | ᠳᠦᠷᠪᠡ᠂ ᠨᠢᠭᠡ ᠵᠡᠷᠭᠡ ᠤᠯᠠᠨ ᠨᠤᠮ ᠤᠩᠰᠢ ᠨᠤᠮ ᠬᠠᠭᠤᠳᠠᠰᠤ ᠬᠢᠬᠦ ᠮᠠᠶ᠋ᠢᠭ ᠢᠶᠠᠷ ᠤᠩᠰᠢ᠂ | ᠤᠷᠤᠢ ᠳᠠᠭᠠᠨ ᠢᠯᠡᠭᠦᠦ ᠨᠠᠮᠲᠠᠷ ᠵᠤᠬᠢᠶᠠᠯ ᠣᠩᠰᠢ᠂ ᠬᠠᠷᠢᠨᠦᠷᠯᠦᠭᠡᠭᠦᠷ ᠤᠨᠤᠯ ᠤᠨ ᠮᠡᠷᠭᠡᠵᠢᠯ ᠤᠨ ᠨᠤᠮ ᠤᠩᠰᠢ᠃ | ᠳᠠᠪᠤ᠂ ᠮᠡᠳᠡᠯᠭᠡ ᠪᠠᠨ ᠪᠠᠲᠤᠯᠠᠭᠠᠵᠢᠭᠤᠯ ᠨᠤᠮ ᠤᠩᠰᠢᠬᠤ ᠳᠠᠭᠠᠨ ᠴᠢᠬᠤᠯᠠ ᠦᠭᠡ᠂ ᠬᠡᠰᠡᠭ ᠢ ᠲᠡᠮᠳᠡᠭᠯᠡᠵᠦ ᠠᠪ᠂ | ᠲᠠᠨ ᠤ ᠰᠠᠨᠠᠯ ᠨᠢᠭᠡᠲᠦᠭᠰᠡᠨ᠂ ᠡᠷᠬᠢᠨᠰᠤᠳᠤᠯᠬᠤ ᠱᠠᠭᠠᠷᠳᠠᠯᠭᠠᠲ᠋ᠠᠢ ᠵᠦᠢᠯᠡᠰ ᠪᠤᠯᠤᠨ ᠡᠰᠢᠯᠡᠯ ᠢ ᠲᠠ ᠲᠡᠮᠳᠡᠭᠯᠡᠬᠦ | ᠬᠡᠷᠡᠭᠲᠡᠢ᠂ ᠨᠤᠮᠤᠨᠲ᠋ᠡᠮᠳᠡᠭᠯᠡᠯ ᠤᠨᠲ᠋ᠡᠪᠳᠡᠷ ᠨᠡᠭᠡᠭᠡᠵᠦ ᠲᠤᠳᠤᠷᠠᠭᠤᠯᠤᠬᠰᠠᠨ ᠬᠡᠰᠡᠭ ᠤᠳ ᠢᠶᠠᠨ ᠪᠢᠴᠢᠨ ᠠᠪᠴᠤ᠂ | ᠦᠪᠡᠷ ᠤᠨ ᠰᠠᠨᠨᠠᠯᠢᠶ᠋ᠠᠨ ᠪᠢᠴᠢ᠂ ᠬᠠᠷᠢᠨᠲ᠋ᠠᠷᠠᠭᠠ ᠨᠢ ᠲᠠᠲ᠋ᠡᠪᠳᠡᠷ ᠢᠶᠠᠨ ᠬᠠᠯᠢᠨ ᠬᠦᠶᠦᠯᠭᠡᠭᠡᠳᠬᠠᠷᠠᠬᠤ ᠳᠤ | ᠯᠡᠤᠩᠰᠢᠬᠰᠠᠨ ᠨᠤᠮᠢᠶ᠋ᠠᠨᠰᠠᠨᠠᠵᠦ ᠴᠢᠳᠠᠨ᠎ᠠ᠂ ᠢᠩᠭᠢᠭᠰᠡᠨ ᠢᠶᠠᠷ ᠳᠠᠩ ᠭᠠᠭᠴᠠ ᠤᠩᠰᠢᠭᠠᠳ ᠦᠩᠭᠡᠷᠡᠬᠦ ᠪᠢᠰᠢ | ᠪᠤᠰᠤᠳᠲ᠋ᠠᠢ ᠲᠤᠬᠠᠢ ᠶᠢᠨ ᠨᠤᠮ ᠠᠴᠠ ᠮᠡᠳᠡᠭᠰᠡᠨ ᠢᠶᠠᠨ ᠬᠤᠪᠢᠶᠠᠯᠴᠠᠬᠤ ᠪᠤᠯᠤᠮᠵᠢ ᠨᠡᠭᠡᠭᠡᠭᠳᠡᠵᠦ ᠪᠠᠶᠢᠭ᠎ᠠ ᠶᠤᠮ᠃ | 2016 ᠤᠨ ᠤ ᠲᠡᠭᠦᠰᠭᠡᠯ ᠬᠢᠬᠦ ᠳᠤ ᠪᠢᠳᠡᠨ ᠳᠤ 100 ᠨᠤᠮᠤᠩᠰᠢᠬᠤ ᠬᠠᠨᠭ᠍ᠭᠠᠯᠲᠠᠲ᠋ᠠᠢ ᠤᠩᠰᠢᠬᠤ ᠪᠤᠯᠤᠮᠵᠢ᠂ | ᠴᠠᠬ ᠪᠤᠢ᠂ ᠲᠠᠨ ᠳᠤ ᠠᠮᠵᠢᠯᠲᠠ ᠬᠦᠰᠡᠶ᠎ᠡ᠃ ᠨᠤᠮᠲ᠋ᠠᠢ ᠮᠤᠩᠭᠤᠯ ᠪᠤᠯᠤᠶ᠎ᠠ᠂ ᠤᠶᠤᠨᠲᠤ ᠮᠤᠩᠭᠤᠯ ᠪᠤᠯᠤᠶ᠎ᠠ︕ | | | | | |