ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠵᠡᠮᠳᠡᠭᠴᠦᠳ ᠤᠨ ᠬᠠᠷᠢᠯᠴᠠᠨ ᠬᠠᠪ᠊ ᠰᠤᠷᠤᠯᠴᠠᠬᠤ ᠨᠡᠶᠢᠭᠡᠮᠯᠢᠭ ︽ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠤᠭ ᠰᠠᠨᠠᠭ᠎ᠠ ᠪᠠᠨ ᠥᠯᠥ ᠮᠠᠷᠲᠠᠬᠤ ︾ ᠭᠤᠤᠯ ᠰᠡᠳᠣᠪᠳᠦ ᠵᠢᠯ ᠤᠨ ᠬᠤᠷᠡᠯ ᠵᠢᠴᠢ ᠲᠠᠯᠠᠷᠬᠠᠯ ᠤᠨ ᠬᠤᠷᠠᠯ ᠬᠢᠪᠡ
ᠨᠡᠶᠢᠲᠡᠯᠡᠭᠰᠡᠨ ᠴᠠᠭ᠄
2019-12-25
         ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠵᠡᠮᠳᠡᠭᠴᠦᠳ ᠤᠨ ᠬᠠᠷᠢᠯᠴᠠᠨ          ᠬᠠᠪᠰᠤᠷᠤᠯᠴᠠᠬᠤ ᠨᠡᠶᠢᠭᠡᠮᠯᠢᠭ ︽ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂          ᠤᠭ ᠰᠠᠨᠠᠭ᠎ᠠ ᠪᠠᠨ ᠥᠯᠥ ᠮᠠᠷᠲᠠᠬᠤ︾ ᠭᠤᠤᠯ ᠰᠡᠳᠣᠪᠳᠦ ᠵᠢᠯ ᠤᠨ ᠬᠤᠷᠡᠯ ᠵᠢᠴᠢ          ᠲᠠᠯᠠᠷᠬᠠᠯ ᠤᠨ ᠬᠤᠷᠠᠯ ᠬᠢᠪᠡ        12 ᠰᠠᠷ᠎ᠠ ᠶᠢᠨ 19 ᠤ ᠡᠳᠦᠷ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠵᠡᠮᠳᠡᠭᠴᠦᠳ ᠤᠨ ᠬᠠᠷᠢᠯᠴᠠᠨ ᠬᠠᠪᠰᠤᠷᠤᠯᠴᠠᠬᠤ ᠨᠡᠶᠢᠭᠡᠮᠯᠢᠭ ︽ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠤᠭ ᠰᠠᠨᠠᠭ᠎ᠠ ᠪᠠᠨ ᠥᠯᠥ ᠮᠠᠷᠲᠠᠬᠤ︾ ᠭᠤᠤᠯ ᠰᠡᠳᠣᠪᠳᠦ ᠵᠢᠯ ᠤᠨ ᠬᠤᠷᠡᠯ ᠵᠢᠴᠢ ᠲᠠᠯᠠᠷᠬᠠᠯ ᠤᠨ ᠬᠤᠷᠠᠯ ᠬᠢᠪᠡ᠃ ᠵᠠᠰᠠᠭ ᠤᠨ ᠣᠷᠳᠣᠨ ᠤ ᠳᠡᠳ᠋ ᠬᠤᠰᠢᠭᠤᠨ ᠳᠠᠷᠤᠭ᠎ᠠ ᠮᠢ ᠢᠦ᠂ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠷᠧᠨ ᠹᠠᠩ ᠵᠡᠷᠭᠡ ᠤᠳᠤᠷᠢᠳᠤᠯᠭ᠎ᠠ ᠠᠵᠢᠯᠯᠠᠭ᠎ᠠ ᠳᠤ ᠣᠷᠣᠯᠴᠠᠪᠡ᠃    ᠬᠤᠰᠢᠭᠤᠨ ᠤ ᠵᠡᠮᠳᠡᠭᠴᠦᠳ ᠤᠨ ᠬᠤᠯᠪᠣᠭᠠᠲᠤ ᠬᠤᠷᠠᠯ ᠤᠨ ᠬᠡᠷᠡᠭ ᠡᠷᠬᠢᠯᠡᠭᠴᠢᠳ ᠤᠨ ᠳᠠᠷᠤᠭ᠎ᠠ᠂ ᠨᠡᠶᠢᠲᠡ ᠶᠢᠨ ᠠᠰᠠᠷᠠᠮᠵᠢ ᠶᠢᠨ ᠠᠵᠤ ᠠᠬᠤᠶᠢᠯᠡᠯ ᠤᠨ ᠲᠥᠯᠥᠭᠡᠯᠡᠭᠴᠢ᠂ ᠵᠡᠮᠳᠡᠭᠴᠦᠳ ᠤᠨ ᠬᠠᠷᠢᠯᠴᠠᠨ ᠬᠠᠪᠰᠤᠷᠤᠯᠴᠠᠬᠤ ᠨᠡᠶᠢᠭᠡᠮᠯᠢᠭ ᠤᠨ ᠲᠥᠯᠥᠭᠡᠯᠡᠭᠴᠢ ᠪᠦᠷᠢᠯᠳᠦᠬᠦᠨ ᠲᠠᠶᠢᠰᠠᠨ ᠳᠤ ᠭᠠᠷᠴᠤ ᠪᠠᠶᠠᠷ ᠤᠨ ᠦᠭᠡ ᠬᠡᠯᠡᠪᠡ᠃ ᠡᠯ᠎ᠡ ᠤᠳᠤᠷᠢᠳᠤᠯᠭ᠎ᠠ᠂ ᠡᠯ᠎ᠡ ᠠᠵᠤ ᠠᠬᠤᠶᠢᠯᠡᠯ᠂ ᠡᠯ᠎ᠡ ᠠᠵᠢᠯ ᠦᠢᠯᠡᠰ ᠤᠨ ᠨᠢᠭᠡᠴᠡ ᠶᠢᠨ ᠳᠡᠮᠵᠢᠯᠭᠡ ᠪᠣᠯᠤᠨ ᠲᠣᠰᠠᠯᠠᠮᠵᠢ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠨ᠎ᠠ ᠭᠡᠪᠡ᠃    ᠪᠦᠬᠦᠯᠢ ᠲᠠᠯᠠᠪᠠᠢ ᠵᠡᠮᠳᠡᠭᠴᠦᠳ ᠵᠢᠴᠢ ᠰᠠᠶᠢᠨ ᠳᠤᠷ᠎ᠠ ᠶᠢᠨ ᠠᠵᠢᠭᠯᠠᠭᠰᠠᠳ ᠵᠣᠬᠢᠶᠠᠨ ᠪᠦᠲᠦᠭᠡᠵᠦ ᠲᠣᠭᠯᠠᠪᠡ᠃ ᠳᠠᠭᠤᠤ᠂ ᠪᠥᠵᠢᠭ᠂ ᠱᠤᠭ ᠵᠦᠴᠦᠭᠡ ᠵᠡᠷᠭᠡ ᠬᠡᠯᠪᠡᠷᠢ ᠪᠠᠷ ᠬᠥᠮᠦᠰ ᠤᠨ ᠰᠡᠳᠬᠢᠯ ᠢ ᠳᠣᠭᠳᠣᠯᠤᠭᠤᠯᠤᠨ᠎ᠠ᠃ ᠲᠤᠬᠠᠶ ᠶᠢᠨ ᠲᠠᠯᠠᠪᠠᠢ ᠶᠢᠨ ᠠᠭᠤᠷ ᠠᠮᠢᠰᠬᠤᠯ ᠪᠡᠶᠠᠷ ᠬᠦᠷ ᠢᠶᠠᠷ ᠲᠦᠭᠦᠷᠡᠩ᠂ ᠣᠯᠠᠨ ᠢᠶᠠᠷ ᠢᠶᠠᠨ ᠨᠢᠵᠢᠭᠢᠨᠡᠲᠡᠯ᠎ᠡ ᠠᠯᠠᠭ᠎ᠠ ᠲᠠᠰᠢᠪᠠ᠃ ᠵᠡᠮᠳᠡᠭ ᠬᠥᠮᠦᠨ ᠨᠢᠭᠡᠪᠦᠷᠢ ᠶᠢᠨ ᠪᠠᠶᠠᠰᠤᠩᠭᠤᠶ ᠥᠭᠡᠳᠡᠷᠬᠡᠭ᠂ ᠵᠣᠷᠢᠭ ᠰᠠᠨᠠᠭ᠎ᠠ ᠨᠢ ᠢᠷᠡᠭᠰᠡᠨ ᠵᠣᠴᠢᠳ ᠢ ᠶᠡᠬᠡᠳᠡ ᠳᠣᠭᠳᠣᠯᠤᠭᠤᠯᠵᠤ᠂ ᠲᠡᠳᠡᠨ ᠤ ᠲᠥᠯᠥᠭᠡ ᠡᠷᠡᠬᠡᠢ ᠭᠤᠵᠣᠶᠢᠯᠭᠠᠪᠡ᠃    ᠲᠣᠰ ᠤᠳᠠᠭ᠎ᠠ ᠶᠢᠨ ᠠᠵᠢᠯᠯᠠᠭ᠎ᠠ ᠨᠢ ᠳᠤᠮᠳᠠᠳᠤ ᠶᠢᠨ ᠦᠨᠳᠦᠰᠦᠲᠡᠨ ᠤ ᠪᠠᠭᠤᠷᠠᠶ ᠶᠢ ᠲᠡᠳᠬᠦᠵᠦ ᠵᠡᠮᠳᠡᠭᠴᠦᠳ ᠢ ᠲᠤᠰᠠᠯᠠᠬᠤ ᠤᠯᠠᠮᠵᠢᠯᠠᠯᠲᠤ ᠰᠠᠶᠢᠬᠠᠨ ᠰᠤᠷᠲᠠᠯ ᠢ ᠤᠯᠠᠮ ᠴᠢᠨᠠᠭᠰᠢᠳᠠ ᠪᠠᠳᠠᠷᠠᠭᠤᠯᠵᠤ᠂ ᠵᠡᠮᠳᠡᠭᠴᠦᠳ ᠢ ᠲᠡᠳᠬᠦᠵᠦ ᠵᠡᠮᠳᠡᠭᠴᠦᠳ ᠢ ᠲᠤᠰᠠᠯᠠᠬᠤ ᠨᠡᠶᠢᠭᠡᠮ ᠤᠨ ᠠᠭᠤᠷ ᠠᠮᠢᠰᠬᠤᠯ ᠪᠣᠯᠤᠨ‌ᠨᠡᠶᠢᠭᠡᠮ ᠤᠨ ᠬᠡᠪ ᠰᠤᠷᠲᠠᠯ ᠢ ᠪᠣᠶ ᠪᠣᠯᠭᠠᠵᠤ᠂ ᠵᠡᠮᠳᠡᠭ ᠬᠥᠮᠦᠰ ᠢ ᠨᠡᠶᠢᠭᠡᠮ ᠳᠤ ᠨᠠᠩ ᠰᠠᠶᠢᠲᠤᠷ ᠠᠭᠤᠰᠤᠯᠴᠠᠭᠤᠯᠵᠤ᠂ ᠰᠠᠶᠢᠨ ᠰᠠᠶᠢᠬᠠᠨ ᠠᠮᠢᠳᠤᠷᠠᠯ ᠢ ᠬᠠᠮᠲᠤ ᠪᠠᠷ ᠴᠣᠭᠴᠠᠯᠠᠬᠤ ᠶᠢᠨ ᠲᠥᠯᠥᠭᠡ ᠶᠤᠮ᠃    ᠣᠶᠢᠯᠠᠭᠠᠭᠰᠠᠨ ᠢᠶᠠᠷ᠂ ᠭᠡᠷ᠎ᠡ ᠲᠣᠭᠲᠠᠭᠰᠠᠨ ᠠᠵᠤ ᠠᠬᠤᠶᠢᠯᠡᠯ ᠨᠢᠭᠡ ᠬᠤᠪᠢ ᠦᠢᠯᠡᠳᠭᠦᠨ ᠪᠣᠷᠣᠯᠠᠭᠤᠯᠬᠤ ᠪᠦᠷᠢ᠂ ᠵᠡᠮᠳᠡᠭᠴᠦᠳ ᠤᠨ ᠬᠠᠷᠢᠯᠴᠠᠨ ᠬᠠᠪᠰᠤᠷᠤᠯᠴᠠᠬᠤ ᠨᠡᠶᠢᠭᠡᠮᠯᠢᠭ ᠤᠨ ᠨᠢᠭᠡ ᠬᠤᠪᠢ ᠪᠡᠯᠡ ᠮᠥᠩᠭᠦ ᠨᠢ ᠵᠡᠮᠳᠡᠭᠴᠦᠳ ᠤᠨ ᠪᠡᠶ᠎ᠡ ᠪᠠᠨ ᠳᠠᠭᠠᠭᠠᠵᠤ ᠦᠢᠯᠡᠰ ᠪᠣᠰᠬᠠᠬᠤ ᠶᠢ ᠬᠠᠪᠰᠤᠷᠤᠨ ᠵᠣᠷᠢᠭᠵᠢᠭᠤᠯᠤᠨ᠎ᠠ᠃ ᠬᠤᠰᠢᠭᠤᠨ ᠤ ᠵᠡᠮᠳᠡᠭᠴᠦᠳ ᠤᠨ ᠬᠤᠯᠪᠣᠭ᠎ᠠ ᠨᠢ ᠡᠯ᠎ᠡ ᠰᠠᠯᠠᠭ᠎ᠠ ᠮᠥᠴᠢᠷ ᠪᠣᠯᠤᠨ ᠨᠡᠶᠢᠭᠡᠮ ᠤᠨ ᠡᠯ᠎ᠡ ᠡᠲᠡᠭᠡᠳ ᠤᠨ ᠬᠦᠴᠦᠲᠡᠶ ᠳᠡᠮᠵᠢᠯᠭᠡ ᠳᠣᠤᠷ᠎ᠠ᠂ ᠬᠥᠭᠦᠷᠭᠡ ᠬᠤᠯᠪᠣᠭᠠᠰᠤ ᠶᠢᠨ ᠦᠢᠯᠡᠳᠣᠯ ᠢ ᠢᠳᠡᠪᠬᠢᠲᠡᠢ ᠪᠠᠳᠠᠷᠠᠭᠤᠯᠵᠤ᠂ ᠵᠡᠮᠳᠡᠭᠴᠦᠳ ᠤᠨ ᠠᠵᠢᠯ ᠦᠢᠯᠡᠰ ᠲᠠᠬᠢ ᠵᠡᠮᠳᠡᠭᠴᠦᠳ ᠤᠨ ᠭᠤᠤᠯ ᠴᠣᠭᠴᠠ ᠵᠢᠨ‌ᠦᠢᠯᠡᠳᠣᠯ ᠢ ᠪᠠᠳᠠᠷᠠᠭᠤᠯᠬᠤ ᠬᠡᠷᠡᠭᠲᠡᠶ᠃                                    ᠵᠣᠬᠢᠶᠠᠭᠴᠢ᠄ ᠯᠢ ᠰᠢᠤᠸᠠᠨ  ᠠᠨ  ᠰᠢᠶᠣᠣ ᠵᠢᠩ                                    ᠣᠷᠴᠢᠭᠤᠯᠣᠭᠴᠢ᠄ ᠰᠡᠴᠡᠩᠭᠤᠸ᠎ᠠ
 
ᠢᠷᠡᠯᠲᠡ᠄ ᠰᠣᠨᠢᠨ ᠤ ᠬᠤᠷᠢᠶ᠎ᠠ ᠶᠢᠨ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号