ᠤᠯᠠᠮᠵᠢᠯᠠᠯᠲᠤ ᠬᠤᠷᠢᠮ ᠨᠠᠶᠢᠷ ᠤᠨ ᠬᠡᠤᠬᠡᠨ ᠪᠤᠭᠳᠤᠯᠠᠵᠤ ᠬᠦᠵᠦᠬᠦᠤ ᠨᠤᠭᠤᠯᠤᠭᠤᠯᠬᠤ ᠵᠠᠩᠰᠢᠯ
ᠨᠡᠶᠢᠲᠡᠯᠡᠭᠰᠡᠨ ᠴᠠᠭ᠄
2019-12-02
           ᠤᠯᠠᠮᠵᠢᠯᠠᠯᠲᠤ ᠬᠤᠷᠢᠮ ᠨᠠᠶᠢᠷ ᠤᠨ ᠬᠡᠤᠬᠡᠨ ᠪᠤᠭᠳᠤᠯᠠᠵᠤ ᠬᠦᠵᠦᠬᠦᠤ ᠨᠤᠭᠤᠯᠤᠭᠤᠯᠬᠤ ᠵᠠᠩᠰᠢᠯ    ᠬᠦᠤ ᠲᠠᠯ᠎ᠠ ᠶᠢᠨ ᠰᠠᠭᠠᠳᠠᠭ ᠤᠨ ᠬᠦᠮᠤᠰ ᠬᠡᠤᠬᠡᠨ ᠲᠠᠯ᠎ᠠ ᠶᠢᠨ ᠬᠡᠷ ᠲᠤ ᠮᠤᠷᠢᠯᠠᠨ ᠢᠷᠡᠵᠤ᠂ ᠰᠠᠭᠠᠯᠢ ᠶᠢᠨ ᠳᠡᠬᠡᠵᠢ ᠪᠠᠨ ᠳᠠᠯᠪᠢᠵᠤ ᠶᠤᠰᠤ ᠪᠡᠯᠡᠭ ᠢᠶᠠᠨ ᠪᠦᠷᠢᠨ ᠬᠦᠢᠴᠡᠳᠭᠡᠭᠰᠡᠨ ᠤ ᠳᠠᠷᠠᠭ᠎ᠠ ᠬᠡᠤᠬᠡᠨ ᠲᠠᠯ᠎ᠠ ᠶᠢᠨ ᠶᠡᠭᠡ ᠬᠤᠷᠢᠮ ᠡᠬᠢᠯᠡᠵᠤ᠂ ᠠᠷᠢᠬᠢ ᠰᠠᠷᠬᠤᠳ ᠰᠦᠩᠨᠡᠨ ᠳᠠᠭᠤᠯᠠᠨ ᠨᠠᠶᠢᠷᠯᠠᠵᠤ᠂ ᠬᠡᠤᠬᠡᠨ ᠮᠤᠷᠳᠠᠭᠤᠯᠬᠤ ᠴᠠᠭ ᠪᠤᠯᠬᠤ ᠦᠶᠡᠰ ᠬᠡᠤᠬᠡᠨ ᠪᠤᠲᠤᠭᠯᠠᠬᠤ ᠶᠤᠰᠤ ᠶᠠᠪᠤᠭᠳᠠᠳᠠᠭ᠃ ᠬᠡᠤᠬᠡᠨ ᠪᠤᠳᠤᠭᠯᠠᠬᠤ ᠬᠡᠳᠡᠭ ᠪᠤᠯ ᠬᠦᠮᠦᠨ ᠤ ︽ᠬᠡᠤᠬᠡᠨ ᠬᠡᠵᠢᠬᠡ︾ ᠶᠢ ᠵᠠᠭᠠᠳᠠᠰᠤ ᠭᠠᠷᠭᠠᠨ ᠬᠤᠶᠠᠷ ᠳᠡᠶᠢᠰᠢ ᠰᠠᠯᠭᠠᠵᠤ ᠡᠬᠡᠨᠡᠷ ᠬᠦᠮᠦᠨ ᠤ ᠬᠡᠵᠢᠬᠡ ᠪᠤᠯᠭᠠᠨ ᠰᠠᠮᠨᠠᠭᠠᠳ᠂ ᠬᠡᠵᠢᠬᠡᠨ ᠳᠤ ᠨᠢ ᠰᠢᠪᠡᠩ᠂ ᠲᠤᠯᠤᠭᠠᠢ ᠳᠤ ᠨᠢ ᠳᠠᠷᠤᠭᠤᠯᠭ᠎ᠠ ᠵᠡᠬᠦᠯᠬᠡᠵᠤ᠂ ᠡᠬᠡᠨᠡᠷ ᠬᠦᠮᠦᠨ ᠪᠤᠯᠭᠠᠨ ᠵᠠᠰᠠᠵᠤ ᠴᠢᠮᠡᠬᠦ  ᠶᠢ ᠬᠡᠯᠡᠳᠡᠭ ᠶᠤᠮ᠃ ᠡᠳᠡᠭᠡᠷ ᠶᠤᠰᠤ ᠶᠢ ᠦᠯᠵᠠᠢ ᠢᠪᠡᠬᠡᠯ ᠲᠠᠢ ᠴᠠᠭ ᠢ ᠰᠤᠩᠭᠤᠨ ᠤᠷᠢᠵᠤ ᠠᠪᠴᠢᠷᠠᠭᠰᠠᠨ ᠡᠯᠢᠬᠡ ᠪᠦᠲᠦᠨ ᠠᠬᠠᠮᠠᠳ ᠠᠪᠤ ᠡᠵᠢ ᠬᠦᠢᠴᠡᠳᠭᠡᠳᠡᠭ ᠶᠤᠮ᠃ ᠡᠷᠲᠡᠨ ᠤ ᠦᠶ᠎ᠡ ᠳᠤ ᠬᠡᠤᠬᠡᠨ ᠪᠤᠭᠳᠤᠯᠠᠬᠤ ᠶᠤᠰᠤ ᠪᠠᠷ ᠬᠦᠮᠦᠨ ᠤ ᠤᠷᠤᠭ ᠪᠠᠷᠢᠯᠳᠤᠭᠰᠠᠨ ᠬᠡᠷᠡᠴᠢ ᠲᠡᠮᠳᠡᠭ ᠪᠤᠯᠭᠠᠳᠠᠭ ᠪᠠᠶᠢᠵᠠᠢ᠃    ᠬᠡᠤᠬᠡᠨ ᠪᠤᠭᠳᠤᠯᠠᠬᠤ ᠪᠠᠷ ᠪᠡᠯᠡᠳᠬᠡᠵᠤ ᠪᠠᠶᠢᠭ᠎ᠠ ᠦᠶ᠎ᠡ ᠳᠤ ᠬᠦᠷᠬᠡᠨ ᠬᠦᠤ ᠪᠠᠷ ᠬᠦᠵᠦᠬᠦᠤ ᠨᠤᠭᠤᠯᠤᠭᠤᠯᠬᠤ ᠶᠤᠰᠤ ᠶᠠᠪᠤᠭᠳᠠᠳᠠᠭ ᠡᠷᠳᠡᠨ ᠤ ᠦᠶ᠎ᠡ ᠳᠤ ᠮᠠᠯ ᠭᠠᠷᠭᠠᠵᠤ ᠮᠢᠬ᠎ᠠ ᠶᠠᠰᠤ ᠶᠢ ᠨᠢ ᠦᠶᠡᠴᠢᠯᠡᠨ ᠰᠠᠯᠭᠠᠬᠤ ᠶᠠᠪᠤᠳᠠᠯ ᠪᠤᠯ ᠡᠷ᠎ᠡ ᠬᠦᠮᠦᠨ ᠤ ᠡᠷᠬᠡᠪᠰᠢ ᠰᠤᠷᠬᠤ ᠶᠤᠰᠤᠲᠠᠢ ᠠᠵᠢᠯ ᠪᠠᠶᠢᠵᠠᠢ᠃ ᠬᠦᠵᠦᠬᠦᠤ ᠨᠤᠭᠤᠯᠤᠭᠤᠯᠬᠤ ᠶᠤᠰᠤ ᠪᠤᠯ ᠳᠠᠷᠤᠢ ᠬᠦᠷᠬᠡᠨ ᠬᠦᠤ ᠶᠢᠨ ᠬᠦᠴᠤ ᠴᠢᠳᠠᠯ ᠬᠢᠬᠡᠳ ᠠᠵᠢᠯ ᠶᠠᠪᠤᠳᠠᠯ ᠤᠨ ᠡᠪ ᠳᠡᠮ ᠢ ᠰᠢᠯᠭᠠᠵᠤ ᠦᠵᠡᠬᠦ ᠤᠬᠠᠭᠠᠨ ᠶᠤᠮ᠃ ᠤᠵᠠᠭᠤᠷ ᠤᠨ ᠬᠦᠮᠦᠰ ᠪᠠᠰᠠ ︽ᠦᠨᠡᠨ ᠦᠬᠡ ᠬᠡᠯᠡᠳᠡᠭ ᠬᠦᠮᠦᠨ ᠦᠶ᠎ᠡ ᠶᠢ ᠤᠯᠬᠤ ᠳᠤ ᠪᠠᠨ ᠰᠠᠶᠢᠨ︾ ᠬᠡᠵᠤ ᠬᠡᠯᠡᠳᠡᠭ ᠪᠤᠯᠬᠤᠷ ᠬᠦᠷᠬᠡᠨ ᠬᠦᠤ ᠶᠢᠨ ᠦᠨᠡᠨᠴᠢ ᠭᠤᠤᠯᠴᠢ ᠶᠢ ᠴᠦ ᠰᠢᠯᠭᠠᠨ ᠦᠵᠡᠵᠤ ᠪᠠᠶᠢᠭ᠎ᠠ ᠬᠡᠷᠡᠭ ᠶᠤᠮ᠃ ᠬᠡᠤᠬᠡᠨ ᠲᠠᠯ᠎ᠠ ᠶᠢᠨ ᠪᠡᠷᠭᠡᠳ ᠠᠴᠠ ᠪᠤᠷᠤᠯᠠᠭᠤᠯᠤᠭᠰᠠᠨ ᠬᠤᠨᠢᠨ ᠬᠦᠵᠦᠬᠦᠤ ᠶᠢ ᠫᠢᠯᠠ ᠳᠤ ᠬᠢᠵᠤ ᠠᠪᠴᠢᠷᠠᠭᠠᠳ ᠬᠦᠷᠬᠡᠨ ᠬᠦᠤ ᠶᠢᠨ ᠡᠮᠤᠨ᠎ᠡ ᠲᠠᠯᠪᠢᠬᠤ ᠳᠤ ᠬᠦᠷᠬᠡᠨ ᠬᠦᠤ ᠪᠦᠰᠡᠨ ᠳᠤ ᠪᠠᠨ ᠰᠤᠶᠢᠷᠠᠭᠰᠠᠨ ᠬᠢᠳᠤᠭ᠎ᠠ ᠪᠠᠨ ᠭᠠᠷᠭᠠᠨ ᠦᠶ᠎ᠡ ᠶᠢ ᠨᠢ ᠤᠨᠤᠭᠠᠨ ᠲᠤᠭᠤᠷᠢᠭᠤᠯᠵᠤ ᠤᠭᠲᠤᠯᠤᠭᠰᠠᠨ ᠤ ᠳᠠᠷᠠᠭ᠎ᠠ ᠨᠢᠬᠡ ᠯᠡ ᠳᠡᠭᠡᠷ᠎ᠡ ᠨᠤᠭᠤᠯᠵᠤ ᠲᠠᠯᠪᠢᠳᠠᠭ᠃ ᠬᠦᠷᠬᠡᠨ ᠬᠦᠤ ᠬᠡᠷᠪᠡ ᠠᠮᠠᠷᠬᠠᠨ ᠨᠤᠭᠤᠯᠵᠤ ᠳᠡᠶᠢᠯᠬᠦ ᠦᠬᠡᠢ ᠪᠤᠯ ᠬᠡᠤᠬᠡᠨ ᠲᠠᠯ᠎ᠠ ᠶᠢᠨ ᠪᠡᠷᠭᠡᠳ ᠠᠴᠠ ᠬᠦᠤ ᠲᠠᠯ᠎ᠠ ᠶᠢᠨ ᠬᠦᠷᠬᠡᠨ ᠳᠠᠭᠠᠭᠤᠯᠤᠭᠴᠢ ᠪᠤᠯᠤᠨ ᠬᠤᠨᠵᠢᠨ ᠤᠷᠠᠨ ᠦᠬᠡ ᠪᠠᠷ ᠳᠠᠭᠠᠷᠢᠭᠤᠯᠵᠤ ᠱᠤᠭ ᠪᠠᠷᠢᠨ ᠠᠷᠢᠬᠢ ᠰᠠᠷᠬᠤᠳ ᠢᠶᠠᠷ ᠲᠤᠷᠭᠠᠳᠠᠭ᠃ ᠡᠨᠡ ᠬᠦ ᠵᠠᠩᠰᠢᠯ ᠦᠨᠤ ᠪᠤᠯᠲᠠᠯ᠎ᠠ ᠵᠠᠷᠢᠮ ᠭᠠᠵᠠᠷ ᠤᠷᠤᠨ ᠳᠤ ᠤᠯᠠᠮᠵᠢᠯᠠᠭᠰᠠᠭᠠᠷ ᠶᠤᠮ᠃ ᠬᠡᠤᠬᠡᠨ ᠲᠠᠯ᠎ᠠ ᠶᠢᠨ ᠪᠡᠷᠭᠡᠳ ᠬᠡᠳᠡᠭ ᠪᠤᠯ ᠬᠡᠤᠬᠡᠨ ᠤ ᠠᠪᠤ ᠡᠵᠢ ᠠᠴᠠ ᠲᠤᠰᠬᠠᠶᠢᠯᠠᠨ ᠤᠷᠢᠵᠤ ᠵᠠᠯᠠᠭᠰᠠᠨ ᠢᠪᠡᠬᠡᠯ ᠵᠢᠯ ᠲᠠᠢ ᠪᠦᠷᠢᠨ ᠪᠦᠲᠦᠨ ᠬᠡᠷ ᠪᠦᠯᠢ ᠲᠠᠢ ᠬᠤᠶᠠᠷ ᠪᠤᠶᠤ ᠳᠦᠷᠪᠡᠨ ᠪᠦᠰᠡᠬᠦᠢ ᠶᠢ ᠬᠡᠯᠡᠳᠡᠭ᠂ ᠳᠡᠳᠡᠨ ᠤ ᠡᠬᠦᠷᠬᠡ ᠪᠤᠯ ᠰᠢᠨ᠎ᠡ ᠪᠡᠷᠢ ᠶᠢ ᠤᠳᠤᠷᠢᠳᠤᠨ ᠳᠠᠭᠠᠭᠤᠯᠵᠤ᠂ ᠤᠨᠤᠭᠠᠨ ᠳᠤ ᠨᠢ ᠭᠠᠷᠭᠠᠵᠤ ᠤᠨᠤᠭᠰᠠᠨ ᠮᠤᠷᠢ ᠶᠢ ᠨᠢ ᠬᠦᠳᠦᠯᠬᠦ ᠬᠢᠬᠡᠳ ᠬᠦᠤ ᠲᠠᠯ᠎ᠠ ᠳᠤ ᠬᠦᠷᠦᠭᠰᠡᠨ ᠤ ᠳᠠᠷᠠᠭᠠᠬᠢ ᠪᠤᠢ ᠪᠦᠬᠦᠢ ᠶᠤᠰᠤ ᠵᠢᠷᠤᠮ ᠢ ᠵᠢᠯᠤᠭᠤᠳᠤᠨ ᠬᠦᠢᠴᠡᠳᠭᠡᠬᠦ ᠪᠤᠯᠤᠨ᠎ᠠ᠃ ᠬᠦᠷᠬᠡᠨ ᠳᠠᠭᠠᠭᠤᠯᠤᠭᠴᠢ ᠬᠡᠳᠡᠭ ᠨᠢ ᠬᠦᠤ ᠲᠠᠯ᠎ᠠ ᠶᠢᠨ ᠠᠪᠤ ᠡᠵᠢ ᠠᠴᠠ ᠲᠤᠰᠬᠠᠶᠢᠯᠠᠨ ᠤᠷᠢᠭᠰᠠᠨ ᠬᠦᠷᠬᠡᠨ ᠬᠦᠤ ᠶᠢ ᠤᠳᠤᠷᠢᠳᠤᠨ ᠳᠠᠭᠠᠭᠤᠯᠵᠤ ᠠᠯᠢᠪᠠ ᠶᠤᠰᠤ ᠵᠢᠷᠤᠮ ᠢ ᠵᠢᠯᠤᠭᠤᠳᠤᠨ ᠪᠡᠶᠡᠯᠡᠬᠦᠯᠳᠡᠭ ᠬᠦᠮᠦᠨ ᠢ ᠬᠡᠯᠡᠨ᠎ᠡ᠃                                                             ᠵᠣᠬᠢᠶᠠᠭᠴᠢ᠄ ᠦᠨᠢᠷᠰᠣᠳᠦ
 
ᠢᠷᠡᠯᠲᠡ᠄ ᠴᠣᠮᠣᠷᠯᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号