ᠦᠬᠡᠷ ᠪᠤᠷᠳᠤᠬᠤ ᠳᠤ ᠤᠭᠤᠷᠠᠭ ᠪᠤᠷᠳᠤᠭ᠎ᠠ ᠨᠡᠮᠡᠬᠦ ᠬᠡᠮᠵᠢᠶ᠎ᠠ | | 3 ᠰᠠᠷ᠎ᠠ ᠠᠴᠠ ᠪᠠᠭ᠎ᠠ ᠨᠠᠰᠤᠲᠠᠢ ᠲᠤᠭᠤᠯ ᠤᠨ ᠦᠰᠦᠯᠲᠠ ᠨᠢ ᠨᠡᠯᠢᠶᠡᠳ ᠲᠦᠷᠬᠡᠨ ᠪᠤᠯᠬᠤᠷ ᠬᠡᠷᠡᠭᠰᠡᠬᠦ | ᠤᠭᠤᠷᠠᠭ ᠤᠨ ᠬᠡᠮᠵᠢᠶ᠎ᠡ ᠨᠢ ᠴᠤ ᠨᠡᠯᠢᠶᠡᠳ ᠶᠡᠭᠡ ᠪᠠᠶᠢᠳᠠᠭ᠃ ᠡᠶᠢᠮᠤ ᠠᠴᠠ ᠡᠳᠤᠷ ᠤᠨ ᠪᠤᠷᠳᠤᠭᠠᠨ ᠳᠤ ᠤᠭᠤᠷᠠᠭ | ᠪᠤᠷᠳᠤᠭ᠎ᠠ ᠶᠢ 20% ᠡᠵᠡᠯᠡᠬᠦ ᠬᠡᠷᠡᠭᠲᠠᠢ᠃ ᠡᠬᠦᠨ ᠤ ᠬᠠᠮᠲᠤ ᠲᠡᠬᠦᠨ ᠤ ᠬᠦᠵᠡᠭᠡ ᠪᠤᠶᠢᠵᠢᠵᠤ ᠲᠡᠬᠦᠯᠳᠡᠷᠵᠢᠬᠡ | ᠦᠬᠡᠢ ᠪᠤᠯᠬᠤᠷ ᠪᠡᠶ᠎ᠡ ᠳᠤᠲᠤᠷ᠎ᠠ ᠨᠢ ᠵᠠᠷᠢᠮ ᠬᠡᠷᠡᠭᠴᠡᠭᠡ ᠲᠠᠢ ᠰᠢᠪᠲᠤᠷᠲᠤ ᠬᠦᠴᠢᠯ ᠪᠦᠷᠢᠯᠳᠦᠵᠤ ᠳᠡᠶᠢᠯᠬᠦ ᠦᠬᠡᠢ | ᠪᠠᠶᠢᠳᠠᠭ᠃ ᠡᠶᠢᠮᠤ ᠠᠴᠠ ᠠᠳᠠᠯᠢ ᠪᠤᠰᠤ ᠤᠭᠤᠷᠠᠭ ᠪᠤᠷᠳᠤᠭ᠎ᠠ ᠶᠢ ᠨᠡᠮᠡᠬᠦ ᠬᠡᠷᠡᠭᠲᠠᠢ᠃ ᠲᠤᠭᠤᠯ 6 —12 ᠰᠠᠷ᠎ᠠ | ᠲᠠᠢ᠂ ᠪᠡᠶ᠎ᠡ ᠶᠢᠨ ᠬᠦᠨᠳᠤ ᠨᠢ 150— 200 ᠺᠢᠯᠤᠭ᠍ᠷᠠᠮ ᠪᠤᠯᠬᠤ ᠦᠶᠡᠰ ᠡᠳᠤᠷ ᠤᠨ ᠪᠤᠷᠳᠤᠭᠠᠨ ᠳᠤ | ᠠᠭᠤᠯᠤᠭᠳᠠᠬᠤ ᠤᠭᠤᠷᠠᠭ ᠪᠤᠷᠳᠤᠭ᠎ᠠ ᠶᠢ ᠪᠠᠭᠠᠰᠬᠠᠨ 15% ᠤᠷᠴᠢᠮ ᠪᠤᠯᠭᠠᠨ᠎ᠠ᠃ | ᠵᠢᠶᠠ ᠽᠢ ᠦᠬᠡᠷ ᠢ ᠬᠠᠰᠢᠶᠠᠯᠠᠨ ᠲᠡᠵᠢᠬᠡᠵᠤ ᠪᠤᠷᠳᠤᠬᠤ ᠳᠤ ᠪᠡᠶ᠎ᠡ ᠶᠢᠨ ᠬᠦᠨᠳᠤ ᠨᠢ 300 ᠺᠢᠯᠤᠭ᠍ᠷᠠᠮ | ᠤᠷᠴᠢᠮ ᠪᠤᠯ ᠡᠳᠤᠷ ᠤᠨ ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ 10%— 13% | ᠡᠵᠡᠯᠡᠬᠦᠯᠦᠨᠡ᠃ ᠪᠤᠷᠳᠤᠭᠠᠳ ᠰᠡᠬᠦᠯᠴᠢ ᠶᠢᠨ ᠬᠤᠭᠤᠴᠠᠭ᠎ᠠ ᠪᠤᠯᠬᠤ ᠳᠤ ᠡᠳᠤᠷ ᠤᠨ ᠪᠤᠷᠳᠤᠭᠠᠨ ᠳᠠᠬᠢ ᠤᠭᠤᠷᠠᠭ | ᠪᠤᠷᠳᠤᠭ᠎ᠠ ᠶᠢᠨ ᠠᠭᠤᠯᠤᠭᠳᠠᠴᠠ ᠶᠢ 10% ᠪᠠᠶᠢᠯᠭᠠᠪᠠᠯ ᠪᠤᠯᠴᠢᠬᠠᠨ᠎ᠠ᠃ | ᠬᠦᠭᠰᠢᠨ ᠦᠬᠡᠷ ᠢ ᠪᠤᠷᠳᠤᠬᠤ ᠳᠤ ᠬᠦᠭᠰᠢᠨ ᠦᠬᠡᠷ ᠲᠡᠵᠢᠬᠡᠬᠦ ᠪᠤᠷᠳᠤᠭ᠎ᠠ ᠶᠢ ᠬᠡᠷᠡᠭᠯᠡᠵᠤ᠂ ᠡᠳᠤᠷ ᠤᠨ | ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ 10% ᠪᠠᠶᠢᠯᠭᠠᠪᠠᠯ ᠪᠤᠯᠴᠢᠬᠠᠨ᠎ᠠ᠃ ᠬᠡᠪᠡᠴᠤ | ᠡᠷᠳᠡᠨᠢ ᠰᠢᠰᠢ᠂ ᠰᠢᠰᠢ᠂ ᠰᠢᠬᠢᠷᠯᠢᠭ ᠲᠦᠮᠦᠰᠤ ᠶᠢᠨ ᠬᠠᠳᠠᠭᠠᠮᠠᠯ ᠵᠡᠷᠬᠡ ᠡᠨᠧᠷᠬᠢᠲᠤ ᠪᠤᠷᠳᠤᠭ᠎ᠠ ᠪᠠᠷ ᠠᠷᠪᠢᠨ ᠲᠡᠵᠢᠬᠡᠬᠦ | ᠬᠡᠷᠡᠭᠲᠠᠢ᠃ | ᠰᠠᠶᠢᠨ ᠡᠬᠦᠯᠳᠡᠷ ᠤᠨ ᠦᠬᠡᠷ ᠲᠡᠵᠢᠬᠡᠵᠤ᠂ ᠳᠡᠭᠡᠳᠤ ᠳᠡᠰ ᠤᠨ ᠦᠬᠡᠷ ᠤᠨ ᠮᠢᠬ᠎ᠠ ᠤᠶᠢᠯᠡᠳᠪᠤᠷᠢᠯᠡᠬᠦ ᠳᠤ | ᠬᠦᠷᠪᠡᠯ ᠡᠳᠤᠷ ᠤᠨ ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ ᠡᠩ ᠤᠨ ᠦᠬᠡᠷ ᠪᠤᠷᠳᠤᠬᠤ | ᠠᠴᠠ 2%— 3% ᠨᠡᠮᠡᠭᠳᠡᠭᠦᠯᠬᠦ ᠬᠡᠷᠡᠭᠲᠠᠢ᠃ |