︽ᠴᠠᠬᠠᠷ ᠪᠠᠷᠡᠭᠤᠨ ᠭᠠᠷᠣᠨ ᠬᠤᠶᠢᠳᠦ ᠬᠤᠰᠢᠭᠤᠨ ᠤ 2018 ᠣᠨ ᠤ ᠣᠢ ᠰᠢᠭᠤᠢ ᠲᠠᠯ᠎ᠡ ᠨᠤᠳᠤᠭ | | ᠬᠡᠭᠡᠷ᠎ᠡ ᠭᠠᠳᠡᠨᠡᠬᠢ ᠭᠠᠯ ᠤᠨ ᠡᠭᠦᠰᠪᠦᠷᠢ ᠶᠢ ᠬᠠᠮᠢᠶᠠᠷᠴᠣ ᠡᠵᠡᠮᠰᠢᠬᠦ ᠠᠵᠢᠯ ᠤᠨ ᠬᠡᠷᠡᠭᠵᠢᠬᠦᠯᠦᠯᠲᠡᠶᠢᠨ | | ᠳᠦᠰᠦᠪ︾ ᠢ ᠲᠠᠷᠤᠮᠯᠠᠨ ᠲᠠᠷᠬᠠᠭᠠᠬᠤ ᠳᠣᠬᠠᠢ ᠮᠡᠳᠡᠭᠳᠡᠯ | | ᠡᠯ᠎ᠡ ᠰᠣᠮᠣ ᠰᠢᠶᠠᠩ ᠪᠠᠯᠭᠠᠰᠣᠨ ᠤ ᠵᠠᠰᠠᠭ ᠤᠨ ᠣᠷᠳᠣᠨ᠂ ᠬᠤᠰᠢᠭᠤᠨ ᠤ ᠡᠯ᠎ᠡ ᠰᠢᠭᠤᠳ ᠬᠠᠷᠢᠶ᠎ᠠ ᠪᠠᠶᠢᠭᠤᠯᠭ᠎ᠠ | ᠨᠤᠭᠤᠳ᠄ | ᠣᠳᠣ ︽ᠴᠠᠬᠠᠷ ᠪᠠᠷᠡᠭᠤᠨ ᠭᠠᠷᠣᠨ ᠬᠤᠶᠢᠳᠦ ᠬᠤᠰᠢᠭᠤᠨ ᠤ 2018 ᠣᠨ ᠤ ᠣᠢ ᠰᠢᠭᠤᠢ ᠲᠠᠯ᠎ᠡ | ᠨᠤᠳᠤᠭ ᠬᠡᠭᠡᠷ᠎ᠡ ᠭᠠᠳᠡᠨᠡᠬᠢ ᠭᠠᠯ ᠤᠨ ᠡᠭᠦᠰᠪᠦᠷᠢ ᠶᠢ ᠬᠠᠮᠢᠶᠠᠷᠴᠣ ᠡᠵᠡᠮᠰᠢᠬᠦ ᠠᠵᠢᠯ ᠤᠨ ᠬᠡᠷᠡᠭᠵᠢᠬᠦᠯᠦᠯᠲᠡ | ᠵᠢᠨᠲ᠋ᠦ᠋ᠰᠦᠪ︾ ᠢ ᠲᠠᠨᠠᠷ ᠲᠤ ᠲᠠᠷᠬᠠᠭᠠᠵᠦ ᠦᠭᠭᠦᠶ᠎ᠡ᠂ ᠥᠪᠡᠷ ᠤᠨ ᠪᠣᠳᠠᠳᠦ ᠪᠠᠶᠢᠳᠡᠯ ᠲᠠᠢ ᠪᠠᠨ ᠣᠶᠠᠯᠳᠣᠭᠤᠯᠣᠨ᠂ | ᠬᠢᠨᠠᠮᠠᠭᠠᠢ ᠨᠠᠶᠢᠳᠠᠪᠦᠷᠢᠵᠢᠭᠤᠯᠣᠨ ᠲᠤᠤᠱᠯᠠᠭᠤᠯᠬᠤ ᠪᠤᠯᠪᠡᠦ᠃ | | 2018 ᠣᠨ ᠤ 3 ᠰᠠᠷ᠎ᠡ ᠶᠢᠨ20 ᠤ ᠡᠳᠦᠷ | | ︽ᠴᠠᠬᠠᠷ ᠪᠠᠷᠡᠭᠤᠨ ᠭᠠᠷᠣᠨ ᠬᠤᠶᠢᠳᠦ ᠬᠤᠰᠢᠭᠤᠨ ᠤ 2018 ᠣᠨ ᠤ ᠣᠢ ᠰᠢᠭᠤᠢ ᠲᠠᠯ᠎ᠡ ᠨᠤᠳᠤᠭ | ᠬᠡᠭᠡᠷ᠎ᠡ ᠭᠠᠳᠡᠨᠡᠬᠢ ᠭᠠᠯ ᠤᠨ ᠡᠭᠦᠰᠪᠦᠷᠢ ᠶᠢ ᠬᠠᠮᠢᠶᠠᠷᠴᠣ ᠡᠵᠡᠮᠰᠢᠬᠦ ᠠᠵᠢᠯ ᠤᠨ ᠬᠡᠷᠡᠭᠵᠢᠬᠦᠯᠦᠯᠲᠡ ᠶᠢᠨ ᠳᠦᠰᠦᠪ︾ | | ᠥᠪᠡᠷᠳᠡᠭᠡᠨ ᠵᠠᠰᠡᠬᠤ ᠣᠷᠣᠨ᠂ ᠬᠤᠳᠡ ᠶᠢᠨ ᠤᠢ ᠰᠢᠭᠤᠢ ᠲᠠᠯ᠎ᠡ ᠨᠣᠳᠤᠭ ᠤᠨ ᠭᠠᠯ ᠢ ᠰᠡᠷᠭᠡᠶᠢᠯᠡᠬᠦ | ᠠᠵᠢᠯ ᠤᠨ ᠬᠤᠷᠡᠯ ᠤᠨ ᠵᠣᠷᠢᠭ ᠰᠠᠨᠠᠭ᠎ᠠ ᠶᠢ ᠨᠢᠮᠪᠡᠢ ᠲᠣᠣᠱᠡᠯᠠᠭᠤᠯᠬᠤ ᠶᠢᠨ ᠲᠦᠯᠦᠭᠡ ᠬᠤᠰᠢᠭᠤᠨ ᠤ ᠬᠠᠪᠣᠷ ᠤᠨ | ᠣᠯᠡᠷᠢᠯ ᠳᠠᠬᠢ ᠤᠢ ᠰᠢᠭᠤᠢ ᠲᠠᠯ᠎ᠡ ᠨᠣᠳᠤᠭ ᠤᠨ ᠭᠠᠯ ᠢ ᠰᠡᠷᠭᠡᠶᠢᠯᠡᠬᠦ ᠠᠵᠢᠯ ᠢ ᠪᠦᠬᠦ ᠲᠠᠯ᠎ᠡ ᠪᠠᠷ ᠰᠠᠶᠢᠳᠦᠷ ᠬᠢᠬᠦ | ᠬᠡᠷᠡᠭᠳᠡᠢ︔ ᠢᠷᠡᠬᠦ ᠣᠯᠡᠷᠢᠯ ᠳᠤ ᠭᠤᠣᠯᠳᠡᠯᠭᠠᠳᠦ ᠨᠣᠭᠤᠭᠠᠷᠡᠭᠤᠯᠣᠯᠲᠡ ᠶᠢᠨ ᠣᠷᠣᠨ ᠳᠤ ᠣᠷᠣᠵᠤ᠂ ᠵᠣᠭᠠᠴᠡᠯ | ᠬᠢᠬᠦ ᠬᠦᠮᠦᠨ ᠤ ᠲᠤᠭ᠎ᠠ ᠰᠢᠷᠦᠭᠦᠨ ᠨᠡᠮᠡᠭᠳᠡᠵᠤ᠂ ᠨᠡᠩ ᠢᠯᠡᠩᠭᠤᠶ᠎ᠠ ᠬᠠᠪᠣᠷ ᠤᠨ ᠣᠯᠡᠷᠢᠯ ᠤᠨ ᠰᠢᠭᠤᠷᠠᠭᠠᠨᠳᠦ | ᠡᠳᠦᠷ ᠤᠨ ᠲᠤᠭ᠎ᠠ ᠣᠯᠠᠰᠢᠷᠡᠵᠤ᠂ ᠭᠠᠯ ᠤᠨ ᠠᠶᠣᠯ ᠤᠨ ᠲᠡᠰ ᠮᠡᠳᠡᠭᠳᠡᠮ᠎ᠡ ᠳᠡᠭᠡᠭᠰᠢᠯᠡᠵᠤ᠂ ᠭᠠᠯ ᠢ ᠰᠡᠷᠬᠡᠶᠢᠯᠡᠬᠦ | ᠴᠠᠭ ᠤᠨ ᠪᠠᠶᠢᠳᠡᠯ ᠲᠣᠶᠢᠯ ᠤᠨ ᠬᠦᠨᠳᠦ ᠨᠣᠴᠢᠲᠡᠢ ᠪᠠᠶᠢᠳᠡᠯ ᠳᠤ ᠬᠦᠷᠦᠭᠰᠡᠨ ᠪᠠᠶᠢᠨ᠎ᠠ᠃ ᠣᠳᠣᠬᠢ ᠲᠠᠯ᠎ᠡ ᠨᠣᠳᠤᠭ᠂ | ᠣᠢ ᠰᠢᠭᠤᠢ ᠶᠢᠨ ᠭᠠᠯ ᠢ ᠰᠡᠷᠭᠡᠶᠢᠯᠡᠬᠦ ᠠᠵᠢᠯ ᠢ ᠪᠣᠳᠡᠳᠡᠢ ᠴᠢᠩᠭᠠᠳᠬᠠᠵᠤ᠂ ᠣᠢ ᠰᠢᠭᠤᠢ ᠲᠠᠯ᠎ᠡ ᠨᠣᠳᠤᠭ ᠤᠨ | ᠭᠠᠯ ᠤᠨ ᠠᠶᠤᠯ ᠢ ᠬᠦᠴᠣᠲᠡᠢ ᠰᠡᠷᠬᠡᠶᠢᠯᠡᠬᠦ ᠶᠢᠨ ᠲᠦᠯᠦᠭᠡ᠂ ᠬᠡᠬᠡᠷ᠎ᠡ ᠭᠠᠳᠡᠨᠡᠬᠢ ᠭᠠᠯ ᠤᠨ ᠡᠭᠦᠰᠪᠦᠷᠢ ᠶᠢᠨ | ᠬᠠᠮᠢᠶᠠᠷᠣᠯᠲᠡ ᠶᠢ ᠴᠢᠩᠭᠠᠳᠬᠠᠬᠤ᠂ ᠭᠠᠯ ᠤᠨ ᠲᠣᠶᠢᠮᠡᠷ ᠤᠨ ᠳᠠᠯᠲᠡ ᠠᠶᠣᠯ ᠢ ᠦᠨᠳᠦᠰᠣᠨ ᠠᠴᠠ ᠨᠢ ᠠᠷᠢᠯᠭᠠᠬᠤ | ᠂ ᠣᠢ ᠰᠢᠭᠤᠢ ᠲᠠᠯ᠎ᠡ ᠨᠣᠳᠤᠭ ᠤᠨ ᠦᠢᠯᠡᠰ ᠤᠨ ᠦᠷᠭᠦᠯᠵᠢᠯᠡᠭᠦᠶᠢᠴᠡ ᠬᠦᠭᠵᠢᠯᠲᠡ ᠶᠢ ᠳᠦᠯᠬᠢᠨ ᠠᠬᠢᠭᠤᠯᠬᠤ | ᠵᠣᠷᠢᠯᠭ᠎ᠠ ᠠᠴᠠ᠂ ᠳᠣᠰᠬᠠᠶᠢᠯᠡᠨ ᠳᠣᠣᠷᠡᠬᠢ ᠬᠡᠷᠡᠭᠵᠢᠬᠦᠯᠬᠦ ᠳᠦᠰᠦᠪ ᠢ ᠳᠣᠭᠳᠠᠭᠠᠪᠠ︔ | ᠨᠢᠭᠡ ᠳᠤ᠂ ᠣᠳᠣᠷᠢᠳᠬᠤ ᠵᠣᠷᠢᠭ ᠰᠠᠨᠠᠭ᠎ᠠ | ᠲᠠᠯ᠎ᠡ ᠨᠤᠳᠤᠭ ᠣᠢ ᠰᠢᠭᠤᠢ ᠶᠢᠨ ᠭᠠᠯ ᠤᠨ ᠠᠶᠣᠯ ᠢ ᠰᠡᠷᠬᠡᠶᠢᠯᠡᠬᠦ ᠳᠤ᠂ ᠭᠠᠯ ᠤᠨ ᠠᠶᠣᠯ ᠢ ᠡᠭᠦᠰᠭᠡᠬᠦ | ᠪᠣᠯᠣᠯᠴᠠᠭ᠎ᠠ ᠲᠠᠢ ᠭᠠᠯ ᠤᠨ ᠡᠬᠢ ᠶᠢ ᠰᠡᠷᠭᠡᠶᠢᠯᠡᠨ ᠬᠠᠮᠢᠶᠠᠷᠬᠤ ᠨᠢ ᠵᠠᠩᠭᠢᠯᠭ᠎ᠠ᠃ ᠣᠯᠣᠰ᠂ ᠵᠠᠰᠠᠭ ᠤᠨ ᠣᠷᠳᠣᠨ᠂ | ᠬᠤᠳᠡ ᠨᠢ ᠣᠢ ᠰᠢᠭᠤᠢ ᠲᠠᠯ᠎ᠡ ᠨᠣᠳᠤᠭ ᠤᠨ ᠭᠠᠯ ᠰᠡᠷᠬᠡᠶᠢᠯᠡᠬᠦ ᠠᠵᠢᠯ ᠢ ᠰᠠᠶᠢᠳᠦᠷ ᠬᠢᠬᠦ᠂ ᠬᠤᠷᠡᠯ ᠪᠠ | ᠮᠠᠲ᠋ᠧᠷᠢᠶᠠᠯ ᠤᠨ ᠵᠣᠷᠢᠭ ᠰᠠᠨᠠᠭ᠎ᠠ ᠶᠢ ᠪᠠᠷᠢᠮᠳᠡᠯᠡᠵᠤ᠂ ︽ᠬᠦᠭᠡ ᠣᠰᠣ ᠨᠤᠭᠤᠭᠠᠨ ᠠᠭᠤᠯᠡ ᠪᠣᠯ ᠠᠯᠲᠡ ᠮᠦᠩᠭᠦᠨ | ᠠᠭᠤᠯᠡ︾ ᠪᠠᠷ ᠬᠠᠷᠡᠯᠲᠡ ᠪᠠᠨ ᠪᠤᠯᠭᠠᠵᠤ᠂ ᠦᠷᠭᠦᠯᠵᠢᠯᠡᠨ ᠬᠡᠬᠡᠷ᠎ᠡ ᠭᠠᠳᠡᠨᠡᠬᠢ ᠭᠠᠯ ᠤᠨ ᠠᠶᠣᠯ ᠡᠭᠦᠰᠭᠡᠬᠦ ᠭᠠᠯ | ᠤᠨ ᠡᠬᠢ ᠶᠢ ᠰᠡᠷᠭᠡᠶᠢᠯᠡᠨ ᠬᠠᠮᠢᠶᠠᠷᠬᠤ ᠪᠠᠷ ᠭᠤᠣᠯ ᠪᠣᠯᠭᠠᠵᠤ᠂ ᠬᠠᠷᠢᠭᠤᠴᠠᠯᠭᠠᠳᠦ ᠰᠡᠳᠬᠢᠯ ᠲᠠᠢ᠂ ᠰᠢᠰᠲ᠋ᠧᠮ | ᠢᠶᠠᠨ ᠪᠦᠷᠢᠳᠬᠡᠵᠤ᠂ ᠡᠩᠨᠡᠭᠡ ᠪᠠᠨ ᠬᠦᠴᠦᠷᠭᠡᠭᠵᠢᠭᠦᠯᠦᠨ᠂ ᠣᠷᠣᠭᠤᠯᠣᠯᠲᠡ ᠪᠠᠨ ᠨᠡᠮᠡᠭᠳᠡᠭᠦᠯᠵᠤ᠂ ᠴᠢᠩᠭ᠎ᠠ | ᠬᠦᠴᠦᠳᠡᠢ ᠬᠠᠮᠢᠶᠠᠷᠬᠤ᠂ ᠦᠷᠭᠦᠯᠵᠢ ᠣᠢ ᠰᠢᠭᠤᠢ ᠬᠡᠭᠡᠷ᠎ᠡ ᠲᠠᠯ᠎ᠡ ᠶᠢᠨ ᠭᠠᠯ ᠤᠨ ᠠᠶᠣᠯ ᠢ ᠰᠡᠷᠭᠡᠶᠢᠯᠡᠬᠦ ᠠᠵᠢᠯ ᠢ | ᠲᠡᠷᠢᠭᠦᠨ ᠪᠠᠶᠢᠷᠢᠨ ᠳᠤ ᠲᠠᠯᠪᠢᠵᠤ᠂ ᠪᠦᠬᠦ ᠬᠤᠰᠢᠭᠤᠨ ᠤ ᠣᠢ ᠰᠢᠭᠤᠢ ᠬᠡᠬᠡᠷ᠎ᠡ ᠲᠠᠯ᠎ᠡ ᠶᠢᠨ ᠡᠬᠢ ᠪᠠᠶᠠᠯᠢᠭ ᠪᠠ | ᠠᠷᠡᠳ ᠣᠯᠡᠨ ᠤ ᠠᠮᠣᠷ ᠳᠦᠪᠰᠢᠨ ᠢ ᠪᠠᠳᠣᠯᠡᠬᠤ ᠬᠡᠷᠡᠭᠲᠡᠢ ᠃ | ᠬᠤᠶᠠᠷ ᠲᠤ᠂ ᠠᠵᠢᠯ ᠪᠠᠨ ᠲᠣᠣᠱᠡᠯᠡᠭᠤᠯᠬᠤ ᠠᠷᠭ᠎ᠠ ᠬᠡᠮᠵᠢᠶ᠎ᠡ | ︵1︶ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠣᠯ ᠢ ᠡᠭᠦᠰᠬᠡᠭᠦ ᠠᠶᠣᠯ ᠤᠨ ᠡᠬᠢ ᠶᠢ ᠰᠡᠷᠭᠡᠶᠢᠯᠡᠨ | ᠬᠠᠮᠢᠶᠠᠷᠬᠤ ᠳᠣᠰᠬᠠᠢ ᠣᠳᠣᠷᠢᠳᠬᠤ ᠠᠩᠭᠢ ᠶᠢᠨ ᠵᠣᠬᠢᠶᠠᠨ ᠪᠠᠶᠢᠭᠤᠯᠣᠯᠲᠡ ᠪᠠᠨ ᠴᠢᠩᠭᠠᠳᠬᠠᠬᠤ᠂ ᠣᠢ ᠰᠢᠭᠤᠢ | ᠬᠡᠭᠡᠷ᠎ᠡ ᠲᠠᠯ᠎ᠡ ᠶᠢᠨ ᠭᠠᠯ ᠤᠨ ᠠᠶᠣᠯ ᠢ ᠰᠡᠷᠭᠡᠶᠢᠯᠡᠬᠦ ᠠᠵᠢᠯ ᠢ ᠭᠦᠢᠴᠡᠳ ᠲᠤᠤᠱᠲᠠᠢ ᠶᠠᠪᠣᠭᠳᠠᠭᠤᠯᠬᠤ | ᠵᠢᠨᠲ᠋ᠦ᠋ᠯᠦᠭᠡ᠂ ᠪᠠᠯᠭᠠᠰᠣᠨ ᠳᠠᠷᠤᠭ᠎ᠠ᠂ ᠰᠣᠮᠣᠨ ᠳᠠᠷᠤᠭ᠎ᠠ᠂ ᠰᠢᠶᠠᠩ ᠤᠨ ᠳᠠᠷᠤᠭ᠎ᠠ ᠪᠠᠷ ᠳᠣᠭᠤᠶᠢᠯᠡᠩ ᠤᠨ | ᠳᠠᠷᠤᠭ᠎ᠠ ᠪᠣᠯᠭᠠᠵᠤ᠂ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠡᠨ ᠢᠶᠠᠷ ᠭᠡᠰᠢᠬᠦᠨ ᠢᠶᠠᠨ | ᠪᠣᠯᠭᠠᠭᠰᠡᠨ ᠰᠣᠮᠣ ᠰᠢᠶᠠᠩ ᠪᠠᠯᠭᠠᠰᠤᠨ ᠤ ᠣᠢ ᠰᠢᠭᠤᠢ ᠬᠡᠬᠡᠷ᠎ᠡ ᠲᠠᠯ᠎ᠡ ᠶᠢᠨ ᠭᠠᠯ ᠤᠨ ᠠᠶᠣᠯ ᠢ ᠡᠭᠦᠰᠭᠡᠬᠦ ᠠᠶᠣᠯ | ᠤᠨ ᠡᠬᠢ ᠶᠢ ᠰᠡᠷᠭᠡᠶᠢᠯᠡᠨ ᠬᠠᠮᠢᠶᠠᠷᠬᠤ ᠠᠷᠭ᠎ᠠ ᠬᠡᠮᠵᠢᠶ᠎ᠡ ᠠᠪᠴᠣ ᠭᠠᠯ ᠢ ᠰᠡᠷᠭᠡᠶᠢᠯᠡᠬᠦ ᠠᠵᠢᠯ ᠳᠣᠮᠳᠡ | ᠳᠣᠯᠭᠠᠷᠡᠭ᠌ᠰᠡᠨ ᠬᠦᠴᠢᠷᠳᠡᠯ ᠪᠠ ᠠᠰᠠᠭᠤᠳᠡᠯ ᠢ ᠵᠣᠬᠢᠴᠠᠭᠤᠯᠣᠨ ᠰᠢᠢᠳᠪᠦᠷᠢᠯᠡᠵᠤ᠂ ᠣᠢ ᠰᠢᠭᠤᠢ ᠬᠡᠭᠡᠷ᠎ᠡ ᠲᠠᠯ᠎ᠡ ᠶᠢᠨ | ᠭᠠᠯ ᠤᠨ ᠠᠶᠣᠯ ᠠᠴᠠ ᠰᠡᠷᠭᠡᠶᠢᠯᠡᠬᠦ ᠠᠵᠢᠯ ᠢ ᠳᠣᠬᠢᠷᠠᠭᠤᠯᠣᠨ ᠪᠠᠶᠢᠴᠠᠭᠠᠬᠤ ᠪᠠ ᠣᠳᠣᠷᠢᠳᠣᠨ ᠪᠠᠶᠢᠴᠠᠭᠠᠬᠤ | ᠬᠡᠷᠡᠭᠲᠡᠢ ᠃ | ︵2︶ ᠬᠠᠷᠡᠯᠳᠡ ᠶᠢᠨ ᠬᠠᠷᠢᠭᠤᠴᠠᠯᠭ᠎ᠠ ᠶᠢᠨ ᠳᠦᠷᠢᠮ ᠢ ᠬᠢᠨᠠᠮᠠᠭᠠᠢ ᠲᠣᠣᠱᠯᠠᠭᠤᠯᠬᠤ ᠃ ᠡᠯ᠎ᠡ ᠪᠠᠶᠢᠭᠤᠯᠭ᠎ᠠ | ᠡᠷᠬᠡᠪᠰᠢ ᠬᠠᠮᠢᠶ᠎ᠠ ᠪᠦᠬᠦᠢ ᠠᠵᠢᠯᠯᠠᠭ᠎ᠠ ᠪᠠᠨ ᠲᠦᠷᠭᠡᠨ ᠶᠠᠪᠣᠭᠳᠠᠭᠤᠯᠵᠤ᠂ ᠳᠣᠬᠠᠢ ᠶᠢᠨ ᠭᠠᠵᠡᠷ ᠤᠨ ᠣᠨᠴᠠᠯᠢᠭ ᠲᠠᠢ | ᠪᠠᠨ ᠵᠣᠬᠢᠴᠠᠭᠤᠯᠣᠨ᠂ ᠭᠤᠣᠯᠳᠡᠯᠭ᠎ᠠ ᠲᠠᠢ ᠣᠢ ᠰᠢᠭᠤᠢ ᠶᠢᠨ ᠣᠷᠣᠨ ᠳᠤ ᠴᠢᠩᠳᠡᠨ ᠰᠡᠷᠭᠡᠶᠢᠯᠡᠨ ᠰᠠᠬᠢᠵᠤ᠂ ᠣᠢ | ᠰᠢᠭᠤᠢ ᠬᠡᠭᠡᠷ᠎ᠡ ᠲᠠᠯ᠎ᠡ ᠶᠢᠨ ᠠᠶᠣᠯ ᠦᠭᠡᠢ ᠠᠮᠣᠷ ᠳᠦᠪᠰᠢᠨ ᠪᠠᠶᠢᠬᠤ ᠶᠢ ᠪᠠᠳᠣᠯᠡᠨᠡ ᠃ ᠨᠢᠭᠡ ᠳᠤ᠂ ᠡᠷᠬᠡᠪᠰᠢ | ᠭᠤᠣᠯᠳᠡᠯᠭ᠎ᠠ ᠲᠠᠢ ᠭᠡᠰᠡᠭ ᠣᠷᠣᠨ ᠤ ᠬᠠᠮᠢᠶᠠᠷᠣᠯᠲᠡ ᠪᠠᠨ ᠴᠢᠩᠭᠠᠳᠬᠠᠬᠤ ᠬᠡᠷᠡᠭᠲᠡᠢ᠃ ᠴᠠᠭ ᠪᠠ ᠬᠦᠮᠦᠨ ᠤ | ᠬᠦᠴᠦ ᠪᠠᠨ ᠲᠦᠪᠯᠡᠷᠡᠬᠦᠯᠵᠤ ᠴᠠᠭ ᠳᠣᠬᠠᠢ ᠳᠤᠨᠢ ᠴᠠᠭᠳᠡᠨ ᠪᠠᠶᠢᠴᠠᠭᠠᠬᠤ᠂ ᠴᠠᠭᠳᠡᠨ ᠰᠡᠷᠭᠡᠶᠢᠯᠡᠵᠤ᠂ ᠦᠯᠦ | ᠣᠨᠣᠭᠳᠡᠬᠤ ᠦᠭᠡᠢ ᠪᠣᠯᠣᠩ ᠦᠯᠡᠳᠡᠭᠡᠬᠦ ᠦᠭᠡᠢ︔ ᠣᠨᠴᠠᠭᠠᠶᠢᠯᠡᠨ ᠠᠮᠡᠷᠬᠠᠨ ᠭᠠᠯ ᠤᠨ ᠠᠶᠣᠯ ᠡᠭᠦᠰᠬᠦ ᠭᠠᠵᠡᠷ | ᠣᠷᠣᠨ ᠳᠤ ᠡᠯ᠎ᠡ ᠰᠣᠮᠣ ᠰᠢᠶᠠᠩ ᠪᠠᠯᠭᠠᠰᠣ ᠨᠢ ᠡᠷᠬᠡᠪᠰᠢ ᠳᠣᠰᠬᠠᠢ ᠠᠷᠭ᠎ᠠ ᠬᠡᠮᠵᠢᠶ᠎ᠡ ᠠᠪᠴᠣ ︽ᠴᠢᠩᠳᠡᠨ | ᠰᠡᠷᠭᠡᠶᠢᠯᠡᠨ ᠰᠠᠬᠢᠬᠤ ᠬᠡᠷᠡᠭᠲᠡᠢ︾᠃ ᠭᠠᠯ ᠤᠨ ᠠᠶᠣᠯ ᠡᠭᠦᠰᠬᠦ ᠠᠶᠣᠯ ᠤᠨ ᠡᠬᠢ ᠠᠭᠤᠯᠡᠨ ᠳᠤ ᠣᠷᠣᠬᠤ ᠶᠢ | ᠴᠢᠩᠭ᠎ᠠ ᠬᠤᠷᠢᠭᠯᠡᠵᠤ ᠮᠠᠯᠴᠢᠨ ᠲᠠᠷᠢᠶᠠᠴᠢᠳ ᠤᠨ ᠥᠪᠡᠷ ᠤᠨ ᠰᠠᠨᠠᠭᠠᠴᠢᠯᠭ᠎ᠠ ᠠᠴᠠ ᠪᠠᠨ ᠤᠢ ᠰᠢᠭᠤᠢ ᠬᠡᠭᠡᠷ᠎ᠡ | ᠲᠠᠯ᠎ᠡ ᠶᠢᠨ ᠭᠠᠯ ᠤᠨ ᠠᠶᠣᠯ ᠢ ᠰᠡᠷᠭᠡᠶᠢᠯᠡᠬᠦ ᠣᠬᠠᠮᠰᠡᠷ ᠢ ᠪᠣᠢ ᠪᠣᠯᠭᠠᠵᠤ᠂ ᠮᠠᠯᠴᠢᠨ ᠲᠠᠷᠢᠶᠠᠴᠢᠳ ᠤᠨ ᠬᠡᠭᠡᠷ᠎ᠡ | ᠲᠠᠯ᠎ᠡ ᠣᠢ ᠰᠢᠭᠤᠢ ᠣᠷᠣᠨ ᠳᠤ ᠠᠳᠡᠷ ᠭᠠᠯᠳᠡᠬᠤ᠂ ᠡᠰᠢ ᠰᠦᠷᠡᠯ ᠰᠢᠳᠠᠭᠠᠬᠤ ᠵᠡᠷᠭᠡ ᠲᠠᠷᠢᠶᠠᠨ ᠠᠵᠢᠯ ᠪᠠ ᠬᠦᠵᠢ | ᠠᠰᠠᠭᠠᠵᠤ ᠳᠡᠭᠡᠳᠣᠰ ᠢᠶᠠᠨ ᠳᠠᠬᠢᠬᠤ ᠵᠡᠷᠭᠡ ᠮᠣᠬᠤᠷ ᠪᠢᠰᠢᠷᠡᠯ ᠤᠨ ᠠᠵᠢᠯᠯᠠᠭ᠎ᠠ ᠬᠢᠬᠦ ᠶᠢ ᠡᠷᠡᠰ ᠬᠤᠷᠢᠭᠯᠡᠵᠤ᠂ | ᠬᠦᠳᠡᠭᠡ ᠳᠣᠰᠬᠤᠨ ᠳᠤ ᠪᠦᠷᠢᠨ ᠲᠡᠭᠦᠯᠳᠡᠷ ᠣᠢ ᠰᠢᠭᠤᠢ ᠬᠡᠭᠡᠷ᠎ᠡ ᠲᠠᠯ᠎ᠠ ᠤᠨ ᠭᠠᠯ ᠤᠨ ᠠᠶᠣᠯ ᠠᠴᠠ ᠰᠡᠷᠭᠡᠶᠢᠯᠡᠬᠦ | ᠣᠬᠠᠭᠤᠯᠭ᠎ᠠ ᠬᠢᠵᠤ᠂ ᠨᠠᠰᠣᠨ ᠳᠤ ᠦᠯᠦ ᠬᠦᠷᠦᠭᠰᠡᠳ᠂ ᠣᠬᠠᠭᠠᠨ ᠳᠣᠲᠠᠮᠠᠭ ᠵᠡᠷᠭᠡ ᠬᠦᠮᠦᠰ ᠤᠨ ᠳᠣᠮᠳᠡ | ᠬᠠᠮᠢᠶᠠᠷᠤᠯᠳᠡ ᠪᠠᠨ ᠴᠢᠩᠭᠠᠳᠬᠠᠨ ᠂ ᠠᠯᠢᠪᠡ ᠬᠡᠭᠡᠷ᠎ᠡ ᠭᠠᠳᠡᠨ᠎ᠡ ᠭᠠᠯ | ᠬᠡᠷᠡᠭᠯᠡᠬᠦ ᠠᠵᠢᠯᠯᠠᠭ᠎ᠠ ᠶᠢ ᠴᠡᠭᠡᠷᠯᠡᠵᠤ ᠬᠤᠷᠢᠭᠯᠡᠬᠤ ᠬᠡᠷᠡᠭᠲᠡᠢ︔ ᠬᠤᠶᠠᠷ ᠲᠤ᠂ ᠣᠢ ᠰᠢᠭᠤᠢ ᠬᠡᠭᠡᠷ᠎ᠡ ᠲᠠᠯ᠎ᠡ ᠳᠤ | ᠭᠡᠨᠡᠳᠲᠡ ᠶᠢᠨ ᠭᠠᠯ ᠤᠨ ᠠᠶᠣᠯ ᠡᠭᠦᠰᠬᠦ ᠬᠡᠷᠡᠭ ᠲᠤ ᠬᠠᠮᠢᠶᠠᠷᠣᠯᠲᠡ ᠬᠢᠬᠦ ᠬᠢᠷᠢ ᠬᠡᠮᠵᠢᠶ᠎ᠡ ᠪᠠ ᠪᠠᠴᠢᠮ | ᠲᠣᠯᠭᠠᠷᠡᠭ᠌ᠰᠡᠨ ᠣᠴᠢᠷ ᠢ ᠰᠢᠢᠳᠪᠦᠷᠢᠯᠡᠬᠦ ᠬᠢᠷᠢ ᠬᠡᠮᠵᠢᠶ᠎ᠡ ᠪᠠᠨ ᠴᠢᠩᠭᠠᠳᠬᠠᠬᠤ ᠬᠡᠷᠡᠭᠲᠡᠢ ᠃ | ︵3︶ ᠠᠵᠢᠯᠲᠡᠨ ᠤ ᠬᠠᠷᠢᠭᠤᠴᠠᠯᠭ᠎ᠠ ᠶᠢᠨ ᠳᠦᠷᠢᠮ ᠢᠶᠠᠨ ᠨᠠᠶᠢᠳᠠᠪᠦᠷᠢᠵᠢᠭᠤᠯᠣᠨ ᠪᠠᠬᠢᠵᠢᠭᠦᠯᠬᠦ᠃ᠨᠢᠭᠡ ᠳᠤ | ᠂ ᠰᠣᠮᠣ ᠰᠢᠶᠠᠩ ᠪᠠᠯᠭᠠᠰᠣᠨ ᠤ ᠭᠤᠣᠯ ᠣᠳᠣᠷᠢᠳᠣᠯᠭ᠎ᠠ ᠪᠠ ᠡᠯ᠎ᠡ ᠰᠠᠯᠠᠭ᠎ᠠ ᠮᠦᠴᠢᠷ ᠤᠨ ᠳᠠᠷᠤᠭ᠎ᠠ ᠨᠢ ᠡᠷᠬᠡᠪᠰᠢ | ᠴᠠᠭ ᠳᠣᠬᠠᠢ ᠳᠤ ᠨᠢ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠤᠯ ᠢ ᠰᠡᠷᠭᠡᠶᠢᠯᠡᠬᠦ ᠠᠵᠢᠯ ᠳᠣᠮᠳᠡ ᠬᠡᠷᠡᠭᠰᠡᠬᠦ | ᠵᠠᠮ ᠬᠠᠷᠢᠯᠴᠠᠭᠠᠨ ᠤ ᠪᠠᠭᠠᠵᠢ᠂ ᠣᠬᠠᠭᠤᠯᠬᠤ ᠪᠠ ᠭᠠᠯ ᠣᠨᠳᠠᠷᠭᠠᠬᠤ ᠳᠤ ᠬᠡᠷᠡᠭᠰᠡᠬᠦ ᠡᠳ᠋ ᠪᠣᠳᠡᠰ ᠢ ᠴᠠᠭ ᠳᠣᠬᠠᠢ | ᠳᠤ ᠨᠢ ᠬᠠᠩᠭᠠᠬᠤ ᠬᠡᠷᠡᠭᠲᠡᠢ ᠃ ᠬᠤᠶᠠᠷ ᠲᠤ᠂ ᠰᠣᠮᠣ ᠰᠢᠶᠠᠩ ᠪᠠᠯᠭᠠᠰᠣᠨ ᠤ ᠲᠠᠷᠢᠶᠠᠯᠡᠩ ᠦᠢᠯᠡᠴᠢᠯᠡᠭᠡᠨ ᠤ | ᠲᠦᠪ ᠤᠨ ᠠᠵᠢᠯᠲᠡᠨ ᠨᠠᠷ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠣᠯ ᠢ ᠰᠡᠷᠭᠡᠶᠢᠯᠡᠬᠦ ᠠᠵᠢᠯ ᠤᠨ ᠳᠣᠬᠠᠢ | ᠣᠬᠠᠭᠤᠯᠭ᠎ᠠ ᠪᠠᠨ ᠴᠢᠩᠭᠠᠳᠬᠠᠵᠤ᠂ ᠬᠢᠨᠡᠯᠲᠡ ᠲᠠᠯᠪᠢᠵᠤ᠂ ᠬᠢᠨᠡᠨ ᠪᠠᠶᠢᠴᠠᠭᠠᠵᠣ ᠣᠢ ᠰᠢᠭᠤᠢ ᠬᠡᠭᠡᠷ᠎ᠡ ᠲᠠᠯ᠎ᠡ ᠤᠨ | ᠭᠠᠯ ᠤᠨᠠᠶᠤᠯ ᠤᠨᠡᠭᠦᠰᠬᠦ ᠪᠣᠯᠣᠯᠴᠠᠭ᠎ᠠ ᠲᠠᠢ ᠳᠠᠯᠳᠡ ᠭᠡᠮ ᠢ ᠳᠠᠷᠠᠭᠠᠯᠡᠨ ᠪᠠᠶᠢᠴᠠᠭᠠᠬᠤ ᠪᠠ ᠵᠠᠰᠡᠨ ᠰᠢᠨᠡᠳᠭᠡᠭᠰᠡᠨ | ᠪᠠᠶᠢᠳᠡᠯ ᠢ ᠬᠢᠨᠡᠨ ᠵᠢᠯᠣᠭᠤᠳᠬᠤ ᠬᠡᠷᠡᠭᠲᠡᠢ ᠃ᠭᠤᠷᠪᠠ ᠲᠤ᠂ ᠣᠢ ᠬᠠᠮᠠᠭᠠᠯᠡᠭ᠌ᠴᠢ ᠨᠢ ᠠᠭᠤᠯᠠ ᠲᠣᠭᠤᠷᠢᠵᠤ ᠣᠢ | ᠰᠢᠭᠤᠢ ᠶᠢ ᠬᠠᠮᠠᠭᠠᠯᠡᠬᠤ ᠠᠵᠢᠯ ᠪᠠᠨ ᠴᠢᠩᠭᠠᠳᠬᠠᠵᠤ᠂ ᠣᠢ ᠰᠢᠭᠤᠢ ᠬᠡᠭᠡᠷ᠎ᠡ ᠲᠠᠯ᠎ᠡ ᠤᠨ ᠭᠠᠯ ᠠᠴᠠ ᠰᠡᠷᠭᠡᠶᠢᠯᠡᠬᠦ | ᠳᠣᠬᠠᠢ ᠲᠦᠷᠦ ᠶᠢᠨ ᠪᠣᠳᠣᠯᠭ᠎ᠠ ᠬᠠᠦᠯᠢ ᠳᠦᠷᠢᠮ ᠢ ᠬᠦᠢᠴᠡᠳ ᠣᠬᠠᠭᠤᠯᠵᠤ᠂ ᠣᠢ ᠰᠢᠭᠤᠢ ᠬᠡᠭᠡᠷ᠎ᠡ ᠲᠠᠯ᠎ᠡ ᠶᠢᠨ | ᠭᠠᠯ ᠤᠨ ᠠᠶᠣᠯ ᠠᠮᠡᠷᠬᠠᠨ ᠡᠭᠦᠰᠬᠦ ᠴᠢᠬᠤᠯᠠ ᠴᠠᠭ ᠬᠤᠭᠤᠴᠠᠭ᠎ᠠ ᠪᠠ ᠭᠠᠵᠡᠷ ᠣᠷᠣᠨ ᠳᠤ ᠬᠦᠴᠦ ᠣᠷᠣᠭᠤᠯᠵᠤ | ᠰᠠᠶᠢᠳᠣᠷ ᠬᠢᠬᠦ ᠬᠡᠷᠡᠭᠲᠡᠢ᠃ᠳᠦᠷᠪᠡ ᠳᠤ᠂ ᠰᠣᠮᠣ ᠰᠢᠶᠠᠩ ᠪᠠᠯᠭᠠᠰᠣᠨ ᠤ ᠵᠠᠰᠠᠭ ᠤᠨ ᠣᠷᠳᠣᠨ ᠨᠢ ᠣᠢ ᠰᠢᠭᠤᠢ | ᠬᠡᠭᠡᠷ᠎ᠡ ᠲᠠᠯ᠎ᠡ ᠤᠨ ᠭᠠᠯ ᠤᠨ ᠠᠶᠣᠯ ᠠᠴᠠ ᠰᠡᠷᠭᠡᠶᠢᠯᠡᠬᠦ ᠰᠣᠷᠭᠠᠨ ᠬᠦᠮᠦᠵᠢᠯ ᠪᠠᠨ ᠰᠠᠶᠢᠳᠦᠷ ᠣᠬᠠᠭᠤᠯᠵᠤ᠂ ᠬᠡᠭᠡᠷ᠎ᠡ | ᠶᠢᠨ ᠭᠠᠳᠡᠨᠡᠬᠢ ᠭᠠᠯ ᠤᠨᠠᠶᠣᠯ ᠡᠭᠦᠰᠬᠡᠬᠦ ᠪᠣᠯᠣᠯᠴᠠᠭ᠎ᠠ ᠲᠠᠢ ᠠᠶᠣᠯ ᠤᠨ ᠡᠬᠢ ᠶᠢ ᠴᠢᠩᠭ᠎ᠠ ᠰᠡᠷᠭᠡᠶᠢᠯᠡᠨ | ᠬᠠᠮᠢᠶᠠᠷᠴᠣ᠂ ᠰᠣᠮᠣ ᠰᠢᠶᠠᠩ ᠪᠠᠯᠭᠠᠰᠣᠨ ᠤ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠤᠯ ᠢ ᠰᠡᠷᠭᠡᠶᠢᠯᠡᠬᠦ | ᠳᠦᠰᠦᠪᠯᠡᠯ ᠳᠣᠭᠳᠠᠭᠠᠵᠤ ᠭᠠᠯ ᠣᠨᠳᠠᠷᠭᠠᠬᠤ ᠡᠩᠨᠡᠭᠡ ᠶᠢ ᠵᠣᠬᠢᠶᠠᠨ ᠪᠠᠶᠢᠭᠤᠯᠵᠤ᠂ ᠠᠭᠤᠯᠠ ᠨᠢᠭᠡᠪᠦᠷᠢ᠂ ᠣᠢ | ᠰᠢᠭᠤᠢ ᠪᠣᠯᠭᠠᠨ ᠳᠤ ᠭᠠᠯ ᠤᠨ ᠠᠶᠣᠯ ᠢ ᠰᠡᠷᠭᠡᠶᠢᠯᠡᠬᠦ ᠬᠠᠷᠢᠭᠤᠴᠠᠯᠭᠠᠳᠦ ᠬᠦᠮᠦᠨ ᠳᠣᠬᠢᠷᠡᠭᠤᠯᠣᠨ ᠳᠣᠰᠬᠠᠢ | ᠬᠠᠮᠢᠶᠠᠷᠣᠯᠲᠡ ᠬᠢᠵᠤ᠂ ᠭᠠᠯ ᠤᠨ ᠠᠶᠣᠯ ᠡᠭᠦᠰᠬᠦ ᠳᠠᠯᠲᠡ ᠬᠡᠮ ᠢ ᠳᠠᠷᠠᠭᠠᠯᠡᠨ ᠪᠠᠶᠢᠴᠠᠭᠠᠬᠤ ᠪᠠ ᠬᠢᠨᠡᠨ ᠵᠠᠰᠡᠵᠤ᠂ | ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠣᠯ ᠢ ᠰᠡᠷᠭᠡᠶᠢᠯᠡᠬᠦ ᠢ ᠰᠢᠰᠲ᠋ᠧᠮᠵᠢᠭᠦᠯᠦᠨ ᠳᠡᠭᠡᠭᠰᠢ ᠮᠡᠳᠡᠬᠦᠯᠬᠦ | ᠳᠦᠷᠢᠮ ᠢ ᠴᠢᠩᠭ᠎ᠠ ᠠᠳᠬᠤᠬᠤ ᠬᠡᠷᠡᠭᠲᠡᠢ ᠃ | ︵4︶ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠣᠯ ᠢ ᠰᠡᠷᠭᠡᠶᠢᠯᠡᠬᠦ ᠠᠵᠢᠯ ᠳᠠᠬᠢ ︽ᠲᠠᠪᠣᠨ | ᠰᠢᠳᠠᠭᠠᠬᠤ ᠦᠭᠡᠢ ᠵᠠᠷᠴᠢᠮ︾ ᠢ ᠴᠢᠩᠭ᠎ᠠ ᠬᠡᠷᠡᠭᠵᠢᠭᠦᠯᠬᠦ ᠃1 . ᠵᠦᠪᠰᠢᠶᠡᠷᠡᠯ ᠦᠭᠡᠢ ᠪᠠᠷ ᠰᠢᠳᠠᠭᠠᠬᠤ ᠦᠭᠡᠢ ᠃ | 2. ᠭᠠᠯ ᠰᠡᠷᠭᠡᠶᠢᠯᠡᠬᠦ ᠱᠣᠭᠤᠮ ᠢ ᠰᠢᠳᠠᠭᠠᠬᠤ ᠦᠭᠡᠢ ᠰᠠᠶᠢᠳᠦᠷ ᠬᠤᠷᠡᠯᠳᠣᠭᠤᠯᠬᠤ ᠃ 3. ᠭᠠᠯ ᠣᠨᠳᠠᠷᠭᠠᠬᠤ | ᠪᠠᠭᠠᠵᠢ ᠤᠨ ᠪᠡᠯᠡᠳᠬᠡᠯ ᠦᠭᠡᠢ ᠪᠠᠷ ᠰᠢᠳᠠᠭᠠᠬᠤ ᠦᠭᠡᠢ ᠃ 4. ᠰᠠᠬᠢᠨ ᠬᠠᠷᠡᠬᠤ ᠬᠦᠮᠦᠨ ᠦᠭᠡᠢ ᠪᠠᠷ ᠰᠢᠳᠠᠭᠠᠬᠤ | ᠦᠭᠡᠢ ᠃ 5. ᠰᠦᠨᠢ ᠣᠷᠣᠢ ᠰᠠᠯᠬᠢ ᠶᠡᠭᠡ ᠲᠠᠢ ᠦᠶᠡᠰ ᠰᠢᠳᠠᠭᠠᠬᠤ ᠦᠭᠡᠢ ᠃ | ︵5︶ ᠣᠢ ᠰᠢᠭᠤᠢ ᠬᠡᠬᠡᠷ᠎ᠡ ᠲᠠᠯ᠎ᠡ ᠤᠨ ᠭᠠᠯ ᠤᠨ ᠠᠶᠣᠯ ᠢ ᠰᠡᠷᠭᠡᠶᠢᠯᠡᠬᠦ ᠠᠵᠢᠯ ᠳᠠᠬᠢ ︽ᠠᠷᠪᠡᠨ ᠪᠣᠯᠬᠤ | ᠦᠭᠡᠢ︾ ᠵᠠᠷᠴᠢᠮ ᠢ ᠴᠢᠩᠭ᠎ᠠ ᠬᠡᠷᠡᠭᠵᠢᠭᠦᠯᠬᠦ᠃1. ᠭᠠᠯ ᠬᠡᠷᠡᠭᠯᠡᠵᠤ ᠪᠣᠯᠬᠤ ᠦᠭᠡᠢ ᠃ 2. ᠤᠶᠢᠳᠦ ᠣᠷᠣᠨ ᠳᠤ | ᠭᠠᠯ ᠬᠡᠷᠡᠭᠯᠡᠨ ᠠᠷᠢᠶᠠᠳᠡᠨ ᠠᠮᠢᠲᠡᠨ ᠢ ᠬᠦᠭᠡᠭᠡᠵᠤ ᠪᠣᠯᠬᠤ ᠦᠭᠡᠢ ᠃ 3. ᠣᠶᠢᠳᠦ ᠣᠷᠣᠨ ᠳᠤ ᠭᠠᠯ ᠬᠡᠷᠡᠭᠯᠡᠨ | ᠬᠡᠷᠡᠯᠳᠦᠭᠦᠯᠭᠡ ᠬᠢᠵᠤ ᠪᠣᠯᠬᠤ ᠦᠬᠡᠢ ᠃ 4. ᠣᠶᠢᠳᠦ ᠣᠷᠣᠨ ᠳᠤ ᠬᠡᠭᠡᠷ᠎ᠡ ᠬᠤᠭᠤᠯᠯᠠᠵᠤ ᠲᠠᠮᠡᠬᠢ ᠳᠠᠳᠡᠵᠤ ᠪᠣᠯᠬᠤ | ᠦᠬᠡᠢ᠃ 5. ᠣᠶᠢᠳᠦ ᠣᠷᠣᠨᠳᠥ ᠡᠪᠡᠰᠦ ᠮᠣᠳᠦ ᠰᠢᠳᠠᠭᠠᠵᠤ ᠦᠨᠡᠰᠦ ᠪᠠᠷ ᠨᠢ ᠪᠣᠷᠳᠣᠭᠤᠷ ᠬᠢᠬᠦ ᠠᠵᠢᠯᠯᠠᠭ᠎ᠠ | ᠬᠢᠵᠤ ᠪᠣᠯᠬᠤ ᠦᠭᠡᠢ ᠃ 6. ᠣᠶᠢᠳᠦ ᠣᠷᠣᠨ ᠤ ᠲᠠᠷᠢᠶᠠᠨ ᠭᠠᠵᠡᠷ ᠳᠤ ᠣᠷᠭᠤᠭᠰᠡᠨ ᠡᠪᠡᠰᠦ ᠶᠢ ᠰᠢᠳᠠᠭᠠᠵᠤ | ᠪᠣᠯᠬᠤ ᠦᠭᠡᠢ ᠃ 7. ᠣᠶᠢᠳᠦ ᠣᠷᠣᠨ ᠳᠤ ᠣᠩᠭᠤᠨᠲ᠋ᠠᠬᠢᠵᠤ ᠂ ᠴᠠᠭᠠᠰᠣ ᠰᠢᠳᠠᠭᠠᠬᠤ ᠪᠠ ᠫᠣᠵᠢᠩ ᠲᠠᠯᠪᠢᠵᠤ | ᠪᠣᠯᠬᠤ ᠦᠭᠡᠢ᠃ 8. ᠣᠶᠢᠳᠦ ᠣᠷᠣᠨ ᠳᠤ ᠭᠠᠯ ᠲᠦᠯᠡᠵᠤ ᠬᠤᠭᠤᠯᠡ ᠬᠢᠵᠤ ᠪᠣᠯᠬᠤ ᠦᠭᠡᠢ︔ 9. ᠨᠢᠯᠬ᠎ᠠ | ᠬᠡᠦᠬᠡᠳ ᠨᠠᠰᠣᠨ ᠳᠤ ᠦᠯᠦ ᠬᠦᠷᠦᠭᠰᠡᠳ᠂ ᠣᠬᠠᠭᠠᠨ ᠳᠣᠳᠡᠮᠠᠭ ᠬᠦᠮᠦᠰ ᠣᠶᠢᠳᠦ ᠣᠷᠣᠨ ᠳᠤ ᠭᠠᠯ ᠢᠶᠠᠷ | ᠨᠠᠭᠠᠳᠴᠣ ᠪᠣᠯᠬᠤ ᠦᠭᠡᠢ᠃10. ᠪᠠᠶᠡᠨ ᠳᠤ ᠪᠠᠨ ᠭᠠᠯ ᠠᠪᠴᠤ ᠣᠶᠢᠳᠦ ᠣᠷᠣᠨ ᠳᠤ ᠣᠷᠣᠵᠤ ᠪᠣᠯᠬᠤ ᠦᠭᠡᠢ ᠃ | | ︵6︶ ᠣᠢ ᠰᠢᠭᠤᠢ ᠬᠡᠭᠡᠷ᠎ᠡ ᠲᠠᠯ᠎ᠡ ᠤᠨ ᠭᠠᠯ ᠤᠨ ᠠᠶᠣᠯ ᠢ ᠡᠭᠦᠰᠭᠡᠬᠦ ᠬᠡᠭᠡᠷ᠎ᠡ ᠭᠠᠳᠡᠨᠡᠬᠢ ᠠᠶᠣᠯ ᠤᠨ ᠡᠬᠢ | ᠤᠨ ᠬᠠᠮᠢᠶᠠᠷᠣᠯᠲᠡ ᠤᠨ ᠳᠣᠬᠠᠢ ᠣᠬᠠᠭᠤᠯᠭ᠎ᠠ ᠤᠨ ᠬᠦᠴᠦᠯᠡᠴᠡ ᠪᠠ ᠬᠡᠭᠡᠷ᠎ᠡ ᠭᠠᠳᠡᠨ᠎ᠡ ᠭᠠᠯ ᠭᠡᠷᠡᠭᠯᠡᠬᠦ ᠪᠠᠶᠢᠳᠡᠯ ᠢ | ᠬᠢᠨᠡᠨ ᠪᠠᠶᠢᠴᠠᠭᠠᠬᠤ ᠬᠦᠴᠦᠯᠡᠴᠡ ᠪᠠᠨ ᠴᠢᠩᠭᠠᠳᠬᠠᠵᠤ᠂ ᠭᠠᠯ ᠤᠨ ᠠᠶᠣᠯ ᠠᠴᠠ ᠰᠡᠷᠭᠡᠶᠢᠯᠡᠬᠦ ᠬᠠᠮᠢᠶ᠎ᠡ ᠪᠦᠬᠦᠢ | ᠪᠣᠰᠬᠠᠭᠰᠡᠨ ᠰᠡᠷᠡᠮᠵᠢ ᠶᠢᠨ ᠫᠠᠶᠢᠰᠡ᠂ ᠳᠡᠮᠳᠡᠭ ᠵᠡᠷᠭᠡ ᠳᠠᠬᠢ ᠬᠠᠮᠠᠭᠠᠯᠡᠯᠳᠡ ᠪᠠᠨ ᠴᠢᠩᠭᠠᠳᠬᠠᠬᠤ ᠬᠡᠷᠡᠭᠲᠡᠢ ᠃ | ︵7︶ ᠣᠢ ᠰᠢᠭᠤᠢ ᠬᠡᠭᠡᠷ᠎ᠡ ᠲᠠᠯ᠎ᠡ ᠶᠢᠨ ᠭᠠᠯ ᠤᠨ ᠠᠶᠣᠯ ᠠᠴᠠ ᠰᠡᠷᠭᠡᠶᠢᠯᠡᠵᠤ ᠪᠠᠶᠢᠭ᠎ᠠ ᠴᠢᠩᠭ᠎ᠠ | ᠰᠡᠷᠭᠡᠶᠢᠯᠡᠯᠳᠡ ᠶᠢᠨ ᠴᠠᠭ ᠦᠶ᠎ᠡ ᠳᠤ᠂ ᠬᠡᠭᠡᠷ᠎ᠡ ᠭᠠᠳᠡᠨ᠎ᠡ ᠭᠠᠯ ᠬᠡᠷᠡᠭᠯᠡᠭᠰᠡᠨ ᠶᠠᠪᠣᠴᠡ ᠳᠤ᠂ ᠳᠣᠣᠷᠡᠬᠢ ᠮᠡᠳᠦ ᠶᠢᠨ | ᠪᠠᠶᠢᠳᠡᠯ ᠤᠨ ᠨᠢᠬᠡ ᠨᠢ ᠢᠯᠡᠷᠡᠪᠡᠯ᠂ ᠳᠣᠬᠠᠢ ᠶᠢᠨ ᠬᠦᠮᠦᠨ ᠨᠢ ᠬᠠᠮᠢᠶ᠎ᠠ ᠪᠦᠬᠦᠢ ᠳᠣᠭᠳᠡᠭᠠᠯ ᠤᠨ ᠡᠭᠦᠷᠭᠡ ᠶᠢ | ᠬᠠᠷᠢᠭᠤᠴᠡᠬᠤ ᠬᠡᠷᠡᠭᠳᠡᠢ᠃ | 1. ᠢᠷᠭᠡᠨ ᠤ ᠦᠢᠯᠡᠳᠦᠯ ᠤᠨ ᠴᠢᠳᠡᠪᠦᠷᠢ ᠨᠢ ᠬᠢᠵᠠᠭᠠᠷᠯᠡᠭ᠌ᠳᠡᠵᠤ ᠪᠠᠶᠢᠭ᠎ᠠ ᠬᠦᠮᠦᠨ ᠳᠠᠬᠢ᠂ ᠬᠠᠮᠢᠶᠠᠷᠦᠯᠲᠡ ᠨᠢ | ᠳᠣᠳᠡᠮᠭ᠋ ᠠᠴᠠ ᠪᠣᠯᠵᠣ ᠣᠶᠢᠳᠦ ᠣᠷᠣᠨ ᠳᠤ ᠣᠷᠣᠵᠤ ᠳᠣᠷ᠎ᠡ ᠪᠣᠰᠦ ᠪᠠᠷ ᠭᠠᠯ ᠬᠡᠷᠡᠭᠯᠡᠭᠰᠡᠨ ᠦᠶᠡᠰ᠂ ᠬᠢᠨᠡᠨ | ᠬᠠᠮᠢᠶᠠᠷᠣᠭᠴᠢ ᠶᠢ ᠴᠢᠩᠭ᠎ᠠ ᠬᠠᠮᠢᠶᠠᠷᠬᠤ ᠪᠠᠷ ᠵᠠᠷᠯᠢᠭᠳᠡᠨᠡ᠂ ᠬᠡᠷᠪᠡ ᠬᠦᠨᠳᠦ ᠨᠣᠴᠢᠲᠡᠢ ᠬᠤᠣᠷ ᠬᠦᠨᠦᠭᠡᠯ | ᠣᠴᠠᠷᠠᠭᠤᠯᠣᠭᠰᠡᠨ ᠪᠣᠯ᠂ ᠬᠢᠨᠡᠨ ᠬᠠᠮᠢᠶᠠᠷᠣᠭᠴᠢ ᠨᠢ ᠬᠠᠮᠢᠶ᠎ᠠ ᠪᠦᠬᠦᠢ ᠡᠳ᠋ ᠤᠨ ᠵᠠᠰᠠᠭ ᠤᠨ ᠬᠠᠷᠢᠭᠤᠴᠠᠯᠭ᠎ᠠ ᠶᠢ | ᠡᠭᠦᠷᠭᠡᠯᠡᠨ᠎ᠡ ᠃ 2. ᠳᠣᠷ᠎ᠡ ᠲᠠᠪᠡ ᠪᠠᠷ ᠢᠶᠠᠨ ᠣᠢ ᠰᠢᠭᠤᠢ ᠬᠡᠭᠡᠷ᠎ᠡ ᠲᠠᠯ᠎ᠡ ᠳᠤ ᠭᠠᠯ ᠬᠡᠷᠡᠭᠯᠡᠭᠰᠡᠨ ᠪᠣᠯ《 ᠦᠪᠦᠷ | ᠮᠣᠩᠭᠤᠯ ᠤᠨ ᠣᠢ ᠰᠢᠭᠤᠢ ᠬᠡᠭᠡᠷ᠎ᠡ ᠲᠠᠯ᠎ᠡ ᠶᠢᠨ ᠭᠠᠯ ᠠᠴᠠ ᠰᠡᠷᠭᠡᠶᠢᠯᠡᠬᠦ ᠳᠦᠷᠢᠮ》 ᠪᠣᠯᠤᠨ《 ᠪᠦᠭᠦᠳᠡ | ᠨᠠᠶᠢᠷᠡᠮᠳᠠᠬᠤ ᠳᠣᠮᠳᠡᠳᠦ ᠠᠷᠡᠳ ᠣᠯᠣᠰ ᠤᠨ ᠠᠮᠣᠷ ᠳᠦᠪᠰᠢᠨ ᠤ ᠬᠠᠮᠢᠶᠠᠷᠣᠯᠲᠡ ᠶᠢᠨ ᠲᠣᠷᠭᠠᠭᠤᠯᠢ ᠶᠢᠨ ᠬᠠᠥᠯᠢ︾ | ᠶᠢ ᠦᠨᠳᠦᠰᠦᠯᠡᠵᠤ ᠵᠣᠬᠢᠬᠤ ᠬᠡᠮᠵᠢᠶᠡᠨ ᠤ ᠰᠢᠢᠳᠬᠡᠯ ᠶᠠᠪᠣᠭᠤᠯᠣᠨ᠎ᠠ᠂ ᠶᠠᠯᠡᠳᠦ ᠠᠵᠢᠯᠯᠠᠭ᠎ᠠ ᠪᠦᠷᠢᠯᠳᠦᠭᠦᠯᠦᠭᠰᠡᠨ | ᠳᠤ ᠨᠢ ᠬᠠᠥᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ᠃ | ᠭᠤᠷᠪᠠ ᠳᠤ᠂ ᠠᠵᠢᠯ ᠤᠨ ᠱᠠᠭᠠᠷᠳᠡᠯᠭ᠎ᠠ | ᠣᠯᠡᠮ ᠨᠢᠭᠡ ᠠᠯᠬᠤᠮ ᠬᠠᠮᠢᠶᠠᠷᠣᠯᠲᠡ ᠪᠠᠨ ᠴᠢᠩᠭᠠᠳᠬᠠᠵᠤ᠂ ᠬᠡᠬᠡᠷ᠎ᠡ ᠭᠠᠳᠡᠨᠡᠬᠢ ᠭᠠᠯ ᠬᠡᠷᠡᠭᠯᠡᠬᠦ ᠳᠦᠷᠢᠮ | ᠤᠨ ᠬᠠᠮᠢᠶᠠᠷᠣᠯᠲᠡ ᠪᠠ ᠬᠠᠷᠢᠭᠤᠴᠠᠯᠭ᠎ᠠ ᠪᠠᠨ ᠵᠦᠪ ᠣᠨᠣᠪᠴᠢᠲᠡᠢ ᠲᠣᠣᠱᠯᠠᠭᠤᠯᠬᠤ᠂ ᠡᠯ᠎ᠡ ᠰᠣᠮᠣ ᠰᠢᠶᠠᠩ | ᠪᠠᠯᠭᠠᠰᠣᠨ ᠤ ᠬᠡᠭᠡᠷ᠎ᠡ ᠭᠠᠳᠡᠨ᠎ᠠ ᠭᠠᠯ ᠬᠡᠷᠡᠭᠯᠡᠬᠦ ᠠᠮᠣᠷ ᠳᠦᠪᠰᠢᠨ ᠢ ᠬᠠᠮᠢᠶᠠᠷᠴᠤ ᠵᠢᠯᠣᠭᠤᠳᠬᠤ ᠪᠠᠶᠢᠭᠤᠯᠭ᠎ᠠ ᠨᠢ | ᠡᠷᠬᠡᠪᠰᠢ ᠢᠳᠡᠪᠬᠢᠲᠡᠢ ᠪᠠᠷ ᠭᠠᠯ ᠤᠨ ᠠᠶᠣᠯ ᠡᠭᠦᠰᠬᠦ ᠪᠣᠯᠣᠯᠴᠠᠭ᠎ᠠ ᠲᠠᠢ ᠳᠠᠯᠳᠡ ᠬᠡᠮ ᠪᠠ ᠬᠡᠷᠬᠢᠨ ᠵᠦᠪ | ᠣᠨᠣᠪᠴᠢᠲᠠᠢ᠂ ᠠᠮᠦᠷ ᠳᠦᠪᠰᠢᠨ ᠢᠶᠠᠷ ᠭᠠᠯ ᠬᠡᠷᠡᠭᠯᠡᠬᠦ ᠵᠡᠷᠭᠡ ᠳᠣᠬᠠᠢ ᠬᠠᠮᠢᠶᠠᠷᠣᠯᠲᠡ ᠶᠢᠨ ᠠᠵᠢᠯ ᠢ ᠦᠷᠨᠢᠬᠦᠯᠬᠦ | ᠬᠡᠷᠡᠭᠲᠡᠢ᠃ ᠣᠢ ᠰᠢᠭᠤᠢ ᠶᠢᠨ ᠭᠠᠯ ᠤᠨ ᠠᠶᠣᠯ ᠠᠴᠠ ᠰᠡᠷᠭᠡᠶᠢᠯᠡᠬᠦ ᠴᠢᠩᠭ᠎ᠠ ᠰᠡᠷᠭᠡᠶᠢᠯᠡᠯᠲᠡ ᠶᠢᠨ ᠴᠠᠭ ᠦᠶ᠎ᠡ ᠳᠤ | ᠭᠠᠯ ᠤᠨᠠᠶᠣᠯ ᠡᠭᠦᠰᠬᠦ ᠪᠣᠯᠣᠯᠴᠠᠭ᠎ᠠ ᠲᠠᠢ ᠠᠶᠣᠯ ᠤᠨ ᠡᠬᠢ ᠶᠢ ᠰᠡᠷᠭᠡᠶᠢᠯᠡᠨ ᠬᠠᠮᠢᠶᠠᠷᠬᠤ ᠠᠵᠢᠯ ᠢ ᠰᠠᠶᠢᠳᠣᠷ ᠬᠢᠬᠦ | ᠬᠡᠷᠡᠭᠲᠡᠢ᠃ ᠲᠠᠷᠢᠶᠠᠴᠢᠳ ᠬᠡᠭᠡᠷ᠎ᠡ ᠭᠠᠳᠡᠨ᠎ᠡ ᠲᠠᠷᠢᠶᠠᠨ ᠤ ᠠᠵᠢᠯ ᠪᠠᠨ ᠬᠢᠬᠦ ᠳᠤ ᠭᠠᠯ ᠬᠡᠷᠡᠭᠰᠡᠬᠦ ᠦᠶ᠎ᠡ ᠳᠤ ᠪᠠᠨ | ᠡᠷᠬᠡᠪᠰᠢ ᠳᠣᠰᠬᠤᠨ ᠤ ᠵᠦᠪᠯᠡᠯᠡᠴᠡᠨᠢᠭᠡᠳᠦᠯᠲᠡᠢ ᠪᠠᠷ ᠰᠣᠮᠣ ᠰᠶᠠᠩ ᠪᠠᠯᠭᠠᠰᠣᠨ ᠠᠴᠠ ᠭᠠᠯ ᠬᠡᠷᠡᠭᠯᠡᠵᠤ ᠪᠣᠯᠬᠤ | ᠡᠷᠬᠡ ᠶᠢ ᠭᠤᠶᠣᠴᠢᠯᠡᠵᠤ᠂᠂ ᠵᠦᠪᠰᠢᠶᠡᠷᠡᠯ ᠣᠯᠣᠭᠰᠡᠨ ᠤ ᠳᠠᠷᠠᠭ᠎ᠠ ᠰᠠᠶ᠋ᠢ ᠳᠣᠰᠬᠠᠢ ᠳᠣᠭᠳᠠᠭᠰᠡ ᠴᠠᠭ | ᠳᠣᠭᠳᠠᠭᠰᠡᠨ ᠭᠠᠵᠡᠷ ᠲᠤ ᠭᠠᠯ ᠭ᠊ ᠬᠡᠷᠡᠭᠯᠡᠵᠤ ᠪᠣᠯᠣᠨ᠎ᠠ᠃ | ᠵᠣᠬᠢᠶᠠᠭᠴᠢ᠄ ᠭᠥᠸᠧ ᠯᠢ ᠮᠢᠨ | ᠣᠷᠴᠢᠭᠤᠯᠣᠭᠴᠢ᠄ ᠰᠡᠴᠡᠩᠭᠤᠸ᠎ᠠ | | |