ᠲᠤᠷᠠᠩᠬᠠᠢ ᠬᠦᠮᠦᠨ ᠤ ᠲᠤᠳᠤᠷ᠎ᠠ ︽ᠬᠠᠷᠠᠮᠴᠢ ᠬᠦᠮᠦᠨ︾ ᠢᠯᠡᠭᠦᠤ ᠪᠠᠶᠢᠳᠠᠭ
ᠨᠡᠶᠢᠲᠡᠯᠡᠭᠰᠡᠨ ᠴᠠᠭ᠄
2018/5/29
     ᠬᠠᠮᠢᠶ᠎ᠡ ᠪᠦᠬᠦᠢ ᠰᠤᠳᠤᠯᠭᠠᠲᠠᠨ ᠤ ᠢᠯᠡᠷᠡᠭᠦᠯᠦᠭᠰᠡᠨ ᠢᠶᠠᠷ᠂ ᠠᠷᠪᠢᠴᠢ ᠭᠠᠮᠳᠠᠢ ᠬᠦᠮᠦᠨ ᠤ ᠤᠯᠠᠨᠬᠢ ᠨᠢ ᠲᠤᠷᠠᠩᠬᠠᠢ ᠪᠠᠶᠢᠵᠦ᠂ ᠬᠠᠷᠢᠴᠠᠩᠭᠤᠢ ᠪᠠᠷ ᠭᠠᠷ ᠶᠡᠬᠡᠲᠡᠢ ᠬᠦᠮᠦᠨ ᠬᠠᠷᠢᠨ ᠮᠠᠷᠢᠶᠠᠯᠠᠭ ᠪᠠᠶᠢᠳᠠᠭ᠃ ᠤᠴᠢᠷ ᠨᠢ ᠲᠡᠳᠡ ᠬᠡᠵᠢᠶᠡᠲᠡ ᠨᠢᠳᠦᠨ ᠡᠮᠦᠨᠡᠬᠢ ᠰᠠᠨᠠᠬᠰᠡᠨ ᠪᠤᠳᠤᠬᠰᠡᠨ ᠵᠦᠢᠯᠡᠰ ᠨᠢ ᠯᠠ ᠪᠡᠶᠡᠯᠡᠭᠳᠡᠬᠦ ᠶᠢ ᠬᠦᠰᠡᠵᠦ᠂ ᠢᠷᠡᠭᠡᠳᠦᠢ  ᠳᠠᠬᠢ ᠲᠦᠰᠦᠯ ᠲᠦᠯᠦᠪᠵᠢᠭᠦᠯᠭᠡ ᠲᠤᠲᠠᠮᠠᠭ ᠪᠠᠶᠢᠳᠠᠭ᠃          ᠠᠩᠭ᠍ᠯᠢ ᠶᠢᠨ ᠨᠢᠤᠺᠠᠰᠲ᠋ᠧᠯ ᠶᠡᠭᠡ ᠰᠤᠷᠭᠠᠭᠤᠯᠢ ᠶᠢᠨ ᠰᠤᠳᠤᠯᠭᠠᠲᠠᠨ 15591 ᠨᠡᠷᠡᠰ ᠠᠩᠭ᠍ᠯᠢ ᠬᠦᠮᠦᠨ ᠤ ᠡᠮ ᠡᠮᠨᠡᠯᠭᠡ ᠶᠢᠨ ᠮᠡᠳᠡᠭᠦᠯᠦᠯᠲᠡ ᠶᠢ ᠰᠤᠳᠤᠯᠵᠦ᠂ ᠲᠡᠳᠡᠨᠦᠰ ᠤᠨ ᠬᠠᠳᠠᠭᠠᠯᠠᠮᠵᠢ᠂ ᠣᠷᠣᠯᠭ᠎ᠠ᠂ ᠤᠷᠤᠭ ᠬᠤᠷᠢᠮ‌‍ᠤᠨ ᠪᠠᠶᠢᠳᠠᠯ ᠪᠠ ᠪᠡᠶ᠎ᠡ ᠪᠠᠶᠢᠳᠠᠯ ᠲᠠᠢ ᠬᠤᠯᠪᠤᠬᠳᠠᠯ ᠪᠦᠬᠦᠢ ᠭᠤᠷᠪᠠᠨ ᠲᠦᠷᠦᠯ ᠤᠨ ᠲᠤᠭ᠎ᠠ ᠪᠠᠷᠢᠮᠲᠠ ︵ᠪᠡᠶ᠎ᠡ ᠮᠠᠬᠠᠪᠤᠳ ᠤᠨ ᠵᠢᠭᠠᠯᠳᠠ ᠲᠤᠭ᠎ᠠ ︵BMI︶᠂ ᠦᠭᠡᠬᠦ ᠶᠢᠨ ᠬᠡᠮᠵᠢᠶ᠎ᠡ᠂ ᠪᠦᠰᠡᠯᠡᠭᠦᠷ ᠤᠨ ᠬᠡᠮᠵᠢᠶ᠎ᠡ︶ ᠶᠢ ᠠᠳᠠᠯᠢᠳᠬᠠᠬᠰᠡᠨ ᠰᠠᠭᠤᠷᠢᠨ ᠳᠡᠭᠡᠷ᠎ᠡ ᠳᠡᠭᠡᠷᠡᠬᠢ ᠳ᠋ᠦᠩᠨᠠᠯᠲᠡ ᠶᠢ ᠤᠯᠤᠬᠰᠡᠨ ᠪᠠᠶᠢᠨ᠎ᠡ᠃ ᠲᠡᠳᠡᠨ ᠤ ᠢᠯᠡᠷᠡᠭᠦᠯᠦᠭᠰᠡᠨ‌‍ᠢᠶ᠋ᠠᠷ᠂ ᠬᠠᠳᠠᠭᠠᠯᠠᠮᠵᠢ ᠬᠢᠭᠡᠳ ᠪᠦᠰᠡᠯᠡᠭᠦᠷ ᠤᠨ ᠬᠡᠮᠵᠢᠶ᠎ᠡ ᠤᠷᠪᠠᠭᠤ ᠬᠠᠷᠢᠴᠠᠯ ᠡᠭᠦᠰᠳᠡᠭ ᠪᠠᠶᠢᠳᠠᠯ ᠬᠡᠳᠦ᠋ᠢᠪᠡᠷ ᠡᠷᠡᠭᠲᠡᠢ ᠡᠮᠡᠭᠲᠡᠢ ᠶᠢᠨ ᠪᠡᠶ᠎ᠡ ᠳᠡᠭᠡᠷ᠎ᠡ ᠪᠦᠷ ᠤᠷᠤᠰᠢᠳᠠᠭ ᠪᠤᠯᠪᠠᠴᠤ᠂ ᠡᠮᠡᠭᠲᠡᠢ ᠶᠢᠨ ᠪᠡᠶ᠎ᠡ ᠳᠡᠭᠡᠷ᠎ᠡ ᠬᠠᠷᠢᠨ ᠨᠡᠩ ᠢᠯᠡᠷᠬᠡᠢ ᠪᠠᠶᠢᠳᠠᠬ᠃ ᠠᠷᠪᠢᠴᠢ ᠡᠮᠡᠭᠲᠡᠢ ᠶᠢᠨ ᠪᠦᠰᠡᠯᠡᠭᠦᠷ ᠤᠨ ᠲᠤᠭᠤᠷᠢᠭ ᠨᠢ ᠭᠠᠷ ᠶᠡᠬᠡᠲᠡᠢ ᠡᠮᠡᠭᠲᠡᠢ ᠶᠢᠨ ᠪᠦᠰᠡᠯᠡᠭᠦᠷ ᠤᠨ ᠲᠤᠭᠤᠷᠢᠭ ᠠᠴᠠ ᠲᠤᠮᠳᠠᠴᠢ ᠪᠠᠷ 3 ᠰᠡᠨᠲ᠋ᠢᠮᠧᠲᠷ ᠨᠠᠷᠢᠨ ᠪᠠᠶᠢᠳᠠᠭ᠃ ᠲᠤᠰ ᠰᠤᠳᠤᠯᠭᠠᠨ ᠤ ᠦᠷ᠎ᠡ ᠳ᠋ᠦᠩ ᠢ 9 ᠰᠠᠷ᠎ᠡ ᠶᠢᠨ ᠠᠩᠭ᠍ᠯᠢ‌‍ᠶᠢᠨ ︽ᠨᠡᠶᠢᠭᠡᠮ ᠤᠨ ᠰᠢᠨᠵᠢᠯᠡᠬᠦ ᠤᠬᠠᠭᠠᠨ ᠬᠢᠭᠡᠳ ᠠᠨᠠᠭᠠᠬᠤ ᠤᠬᠠᠭᠠᠨ︾ ᠰᠠᠷ᠎ᠡ ᠶᠢᠨ ᠰᠡᠳᠭᠦᠯ ᠳᠤ ᠨᠡᠶᠢᠲᠡᠯᠡᠵᠡᠢ᠃ ᠵᠤᠬᠢᠶᠠᠯ ᠳᠤ᠂ ᠬᠦᠮᠦᠰ‌ᠡᠷᠬᠡᠪᠰᠢ ᠢᠷᠡᠭᠡᠳᠦᠢ ᠳᠠᠬᠢ ᠪᠡᠯᠡ ᠤᠷᠤᠭᠤᠯᠤᠯᠲᠠ ᠶᠢᠨ ᠦᠷᠳᠡᠭ ᠢ ᠤᠬᠠᠮᠰᠠᠷ ᠲᠠᠢ ᠪᠠᠷ ᠤᠬᠠᠵᠤ᠂ ᠬᠠᠳᠠᠭᠠᠯᠠᠮᠵᠢ ᠭᠡᠰᠡᠨ ᠦᠭᠡᠢ ᠡᠷᠡᠭᠦᠯ ᠡᠩᠭᠡ ᠠᠮᠢᠳᠤᠷᠠᠯ ᠤᠨ ᠳᠠᠳᠬᠠᠯ ᠭᠡᠰᠡᠨ ᠦᠭᠡᠢ᠂ ᠴᠦᠮ ᠡᠷᠬᠡᠪᠰᠢ ᠨᠡᠩ ᠤᠷᠲᠦ ᠤᠳᠠᠭᠠᠨ ᠬᠠᠷᠠᠯᠲᠠ ᠶᠢᠨ ᠲᠦᠯᠦᠭᠡ ᠨᠢᠳᠦᠨ ᠡᠮᠦᠨᠡᠬᠢ‌‍ᠪᠠᠨ ᠬᠠᠨᠭ᠍ᠭᠠᠬᠤ ᠰᠢᠨᠤᠯ ᠵᠶ᠋ᠠᠨ‌‍ᠲ᠋ᠠᠶᠠᠭᠳᠠᠪᠠᠯ ᠵᠤᠬᠢᠨ᠎ᠠ ᠭᠡᠪᠡ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号