ᠲᠠ ︽ᠮᠡᠷᠭᠡᠨ ᠴᠣᠬᠤᠷ︾ ᠢ ᠲᠠᠨᠢᠬᠤ ᠤᠤ︖ ᠵᠠᠷᠢᠮ ᠨᠢ ︽ᠮᠡᠷᠭᠡᠨ ᠴᠣᠬᠤᠷ ᠨᠢ ᠬᠡᠨ ᠪᠣᠯᠴᠢᠬᠠᠪᠠ︾ | ᠭᠡᠵᠦ ᠠᠰᠠᠭᠤᠬᠤ ᠪᠢᠵᠡ︖ ︽ᠮᠡᠷᠭᠡᠨ ᠴᠣᠬᠤᠷ︾ ᠨᠢ ᠳᠠᠷᠣᠢ ᠪᠢᠳᠡᠨ ᠤ ᠦᠷᠬᠦᠯᠵᠢ ᠶᠠᠷᠢᠳᠠᠭ ᠬᠤᠶᠠᠷ | ᠬᠡᠮᠵᠢᠯᠲᠦ ᠺᠣᠳ᠋ ᠢ ᠵᠢᠭᠠᠵᠣ ᠪᠠᠶᠢᠭ᠎ᠠ ᠶᠤᠮ᠃ ᠬᠢᠳᠠᠳ ᠢᠶᠠᠷ ︽二维码︾ ᠭᠡᠵᠦ ᠬᠡᠯᠡᠳᠡᠭ᠃ | ᠣᠷᠴᠢᠭᠤᠯᠭ᠎ᠠ ᠶᠢᠨ ᠲᠠᠯ᠎ᠠ ᠵᠢᠴᠢ ᠬᠤᠪᠢ ᠬᠦᠮᠦᠨ ᠤ ᠦᠪᠡᠷ ᠤᠨ ᠳᠣᠷ᠎ᠠ ᠪᠠᠬ᠎ᠠ ᠠᠴᠠ ᠪᠠᠨ ᠪᠣᠯᠪᠠ ᠤᠤ︖ ︽ | ᠬᠤᠶᠠᠷ ᠬᠡᠮᠵᠢᠯᠲᠦ ᠺᠣᠳ᠋︾᠂ ︽ᠮᠡᠷᠭᠡᠨ ᠴᠣᠬᠤᠷ︾᠂ ︽ᠡᠷᠢᠶᠡᠨ ᠴᠣᠬᠤᠷ︾ ᠭᠡᠬᠦ ᠮᠡᠲᠦ ᠶᠢᠨ ᠣᠯᠠᠨ | ᠳᠠᠭᠤᠳᠠᠯᠭ᠎ᠠ ᠬᠡᠷᠡᠭᠯᠡᠭᠳᠡᠵᠦ ᠪᠠᠶᠢᠨ᠎ᠠ᠃ ᠮᠢᠨᠣ ᠦᠨᠦᠳᠦᠷ ᠤᠨ ᠶᠠᠷᠢᠬᠤ ᠭᠡᠵᠦ ᠪᠠᠶᠢᠭ᠎ᠠ ᠨᠢ ᠣᠷᠴᠢᠭᠤᠯᠭ᠎ᠠ ᠶᠢᠨ | ᠳᠤᠬᠠᠢ ᠶᠠᠷᠢᠬᠤ ᠭᠡᠵᠦ ᠪᠠᠶᠢᠭ᠎ᠠ ᠪᠢᠰᠢ︕ ᠬᠠᠷᠢᠨ ︽ᠮᠡᠷᠭᠡᠨ ᠴᠣᠬᠤᠷ︾ ᠲᠤ ᠠᠶᠤᠯ ᠨᠢᠭᠤᠭᠳᠠᠵᠤ ᠪᠠᠶᠢᠬᠤ ᠶᠢ | ᠲᠠ ᠣᠯᠠᠨ ᠳᠠᠭᠠᠨ ᠰᠠᠨᠠᠭᠤᠯᠣᠶ᠎ᠠ ᠭᠡᠰᠡᠨ ᠶᠤᠮ᠃ | ᠣᠴᠢᠷ ᠢ ᠨᠢ ᠶᠠᠷᠢᠪᠠᠯ ᠨᠢᠳᠣᠨᠣᠨ ᠵᠢᠯ ᠤᠨ ᠣᠴᠢᠷ︕ ᠨᠢᠭᠡ ᠡᠳᠦᠷ ᠪᠢ ᠬᠡᠨᠡᠳᠳᠡ ᠬᠦᠳᠡᠭᠡ ᠪᠠᠶᠢᠭ᠎ᠠ | ᠡᠭᠡᠴᠢ ᠶᠢᠨ ᠢᠶᠠᠨQQ ᠵᠶ᠋ᠠᠷᠢᠷᠡᠭᠦᠯᠦᠭᠰᠡᠨ ᠴᠢᠮᠡᠭᠡ ᠶᠢ ᠳᠣᠰᠴᠦ ᠠᠪᠣᠯ᠎ᠠ᠃ ᠸᠢᠴᠠᠲ ᠭᠠᠷᠴᠦ ᠢᠷᠡᠭᠰᠡᠨ ᠠᠴᠠ | ᠬᠤᠶᠢᠰᠢQQ ᠲᠣᠭᠯᠠᠬᠤ ᠪᠠᠨ ᠪᠠᠶᠢᠴᠢᠬᠠᠭᠰᠠᠨ ᠡᠭᠡᠴᠢ ᠶᠢᠨ ᠵᠡᠬᠢᠶ᠎ᠠ ᠶᠢ ᠲᠣᠰᠤᠭᠠᠳ ᠪᠢ ᠲᠣᠩ ᠭᠠᠶᠢᠬᠠᠭᠰᠠᠨ | ᠶᠤᠮ᠃ ᠸᠢᠴᠠᠲ ᠨᠢ ᠬᠡᠷᠡᠭᠯᠡᠵᠦ ᠪᠣᠯᠬᠤ ᠪᠠᠨ ᠪᠠᠶᠢᠴᠢᠬᠠᠭᠰᠠᠨ ᠶᠤᠮ ᠤᠤ︖ ᠭᠠᠷ ᠣᠳᠠᠰᠣ ᠨᠢ ᠰᠦᠢᠳᠭᠡᠯ ᠦᠭᠡᠢ | ᠪᠣᠯᠴᠢᠬᠠᠭᠰᠠᠨ ᠶᠤᠮ ᠤᠤ︖ ᠠᠯᠢ ᠡᠰᠡᠭᠦᠯ᠎ᠡ ᠁ ᠭᠡᠰᠡᠨ ᠣᠯᠠᠨ ᠭᠠᠶᠢᠬᠠᠰᠢᠷᠠᠯ ᠤᠨ ᠳᠣᠮᠳᠠ ᠴᠢᠮᠡᠭᠡ ᠶᠢ ᠨᠢ | ᠳᠣᠪᠴᠢᠳᠠᠨ ᠳᠠᠷᠣᠪᠠᠯ᠄ | — ᠪᠠᠶᠢᠨᠠᠣ︖ ᠴᠢᠮ᠎ᠡ ᠳᠤ Alipay ︵支付宝︶ ᠪᠠᠶᠢᠨᠠᠤ︖ ᠭᠡᠰᠡᠨ ᠴᠢᠮᠡᠭᠡ ᠪᠠᠶᠢᠪᠠ᠃ | ᠪᠢ ᠴᠢᠮᠡᠭᠡ ᠶᠢ ᠦᠵᠡᠭᠰᠡᠨ ᠤ ᠳᠠᠷᠠᠭ᠎ᠠ ᠰᠢᠭᠤᠳ ᠡᠭᠡᠴᠢ ᠳᠡᠭᠡᠨ ᠣᠳᠠᠰᠣ ᠠᠪᠣᠭᠠᠳ᠄ ︽ᠶᠠᠭᠠᠬᠢᠪᠠ︖ | ᠭᠡᠨᠡᠳᠳᠡ QQ ᠢᠶᠠᠷ ᠶᠠᠷᠢᠳᠠᠭ ᠨᠢ︖︾ ᠭᠡᠪᠡᠯ ︽ᠦᠭᠡᠢ᠂ ᠪᠢ ᠠᠯᠢ ᠡᠷᠳᠡ QQ ᠵᠠᠷᠣᠬᠤ ᠪᠠᠨ | ᠪᠠᠶᠢᠴᠢᠬᠠᠭᠰᠠᠨ︾ ᠭᠡᠵᠦ ᠡᠭᠡᠴᠢ ᠮᠢᠨᠢ ᠭᠡᠳᠡᠷᠬᠦ ᠭᠠᠶᠢᠬᠠᠴᠢᠬᠠᠯᠠ᠃ ᠪᠢ ᠣᠴᠢᠷ ᠶᠠᠪᠣᠳᠠᠯ ᠢ ᠬᠡᠯᠡᠪᠡᠯ ᠡᠭᠡᠴᠢ᠄ ︽ | ᠲᠡᠭᠡᠪᠡᠯ ᠮᠢᠨᠣ QQ ᠤᠨ ᠳ᠋ᠣᠭᠠᠷ ᠬᠤᠯᠠᠭᠠᠶᠢᠯᠠᠭᠳᠠᠴᠢᠬᠠᠵᠠᠢ᠂ ᠬᠢᠴᠢᠶᠡᠭᠡᠷᠠᠢ︾ ᠭᠡᠯᠡ᠃ ᠣᠳᠠᠰᠣ ᠪᠠᠨ | ᠳᠠᠯᠪᠢᠭᠰᠠᠨ ᠤ ᠳᠠᠷᠠᠭ᠎ᠠ ᠮᠢᠨᠤ ᠲᠣᠭᠯᠠᠭᠠᠮ ᠤᠨ ᠣᠷᠮ᠎ᠠ ᠬᠦᠭᠵᠢᠵᠦ᠂ ᠮᠡᠭᠡᠯᠡᠭᠴᠢ ᠶᠠᠭᠤ ᠶᠠᠷᠢᠬᠤ ᠶᠢ ᠨᠢ ᠲᠣᠷᠰᠢᠬᠤ | ᠬᠡᠵᠦ QQ ᠳᠡᠭᠡᠷ᠎ᠡ ᠦᠨᠦᠬᠢ ᠬᠦᠮᠦᠨ ᠳᠤ᠄ ︽ᠪᠠᠶᠢᠨ᠎ᠠ᠂ ᠨᠠᠳᠠ ᠳᠤ Alipay ᠪᠠᠶᠢᠬᠤ ᠦᠭᠡᠢ︾ ᠭᠡᠵᠦ | ᠬᠠᠷᠢᠭᠤ ᠶᠠᠪᠣᠭᠤᠯᠣᠯ᠎ᠠ᠃ ᠲᠡᠷᠡ ᠬᠦᠮᠦᠨ ᠲᠠᠬᠢᠭᠠᠳ᠄ ︽ᠸᠢᠴᠠᠲ ᠳᠡᠭᠡᠷᠡᠬᠢ ᠵᠣᠭᠤᠰᠣᠨ ᠴᠦᠩᠬᠦᠨ ᠳᠤ ᠴᠢᠨᠢ | ᠮᠦᠩᠭᠦ ᠪᠠᠶᠢᠨ᠎ᠠ ᠤᠤ︖︾ ᠭᠡᠰᠡᠨ ᠬᠠᠷᠢᠭᠤ ᠢᠷᠡᠯ᠎ᠡ᠃ ᠪᠢ ᠵᠦᠭᠡᠷ ᠯᠡ ︽ᠪᠠᠶᠢᠨ᠎ᠠ︾ ᠭᠡᠳ ᠬᠠᠷᠢᠭᠤ | ᠶᠠᠪᠣᠭᠤᠯᠣᠭᠰᠠᠨ ᠳᠤ ᠲᠡᠷᠡ ᠮᠡᠭᠡᠯᠡᠭᠴᠢ ᠬᠠᠷᠢᠨ ᠨᠠᠳᠠᠲᠦ ᠰᠢᠭᠤᠳ ᠨᠢᠭᠡ ︽ᠮᠡᠷᠭᠡᠨ ᠴᠣᠬᠤᠷ︾ ᠶᠠᠪᠣᠭᠤᠯᠵᠣ᠂ | ᠣᠳᠣᠬᠠᠨ ᠰᠢᠷᠪᠢᠭᠡᠷᠠᠢ ᠭᠡᠯᠡ᠃ ︽ᠶᠠᠭᠤᠨ ᠤ ᠮᠡᠷᠭᠡᠨ ᠴᠣᠬᠤᠷ︾ ᠪᠣᠯᠬᠤ ᠶᠢ ᠠᠰᠠᠭᠤᠬᠤ ᠳᠤ᠄ ︽ | ᠰᠦᠯᠵᠢᠶᠡᠨ ᠠᠴᠠ ᠶᠠᠭᠤᠮ᠎ᠠ ᠠᠪᠬᠤ ᠭᠡᠰᠠᠨ ᠳᠤ ᠮᠦᠩᠬᠦ ᠬᠦᠷᠭᠦ ᠪᠠᠨ ᠪᠠᠶᠢᠴᠢᠬᠠᠯ᠎ᠠ᠂ ᠲᠡᠷᠡᠬᠦ ᠮᠡᠷᠭᠡᠨ ᠴᠤᠬᠤᠷ ᠢ | ᠰᠢᠷᠪᠢᠪᠡᠯ 98 ᠲᠦᠭᠦᠷᠢᠭ ᠤᠯᠬᠤ ᠳᠤᠯᠠ ᠨᠠᠮ᠎ᠠ ᠶᠢ ᠲᠡᠷᠡ ᠮᠡᠷᠭᠡᠨ ᠴᠤᠬᠤᠷ ᠢ ᠬᠤᠷᠳᠣᠬᠠᠨ ᠰᠢᠷᠪᠢᠭᠰᠡᠨ ᠤ | ᠳᠠᠷᠠᠭ᠎ᠠ ᠮᠦᠩᠭᠦ ᠶᠢ ᠪᠤᠴᠠᠭᠠᠵᠤ ᠦᠭᠬᠦᠭᠡᠷᠡᠢ︾ ᠭᠡᠵᠤ ᠱᠠᠭᠠᠷᠳᠠᠯ᠎ᠠ᠃ ᠰᠡᠭᠦᠯᠡᠷ ᠨᠢ ᠪᠢᠳᠡ ᠬᠤᠶᠠᠷ ᠤᠨ ᠶᠠᠷᠢᠯᠴᠠᠭᠠᠨ | ᠳᠤᠮᠳᠠ ᠠᠴᠠ ᠳᠡᠷᠡ ᠬᠥᠮᠤᠨ ᠥᠪᠡᠷ ᠢ ᠪᠠᠨ ᠮᠡᠬᠡᠯᠡᠭᠴᠢ ᠭᠡᠳᠡᠭ ᠢᠶᠠᠨ ᠮᠡᠳᠡᠭᠳᠡᠭᠰᠡᠨ ᠢᠶᠠᠨ ᠰᠡᠷᠡᠵᠦ ᠣᠯᠣᠭᠰᠠᠨ | ᠪᠣᠯᠣᠯᠳᠠᠢ ᠮᠢᠨᠤ ᠭᠠᠷ ᠣᠳᠠᠰᠣᠨ ᠤ ᠨᠢᠭᠤᠷ ᠨᠢᠭᠡ ᠬᠢᠯᠡᠰᠬᠢᠵᠦ ᠠᠪᠣᠭᠠᠳ ᠪᠢᠳᠡᠨᠤ ᠶᠠᠷᠢᠯᠴᠠᠭᠠᠨ ᠤ ᠨᠢᠭᠤᠷ᠂ | ᠶᠠᠷᠢᠯᠴᠠᠭᠠᠨ ᠤ ᠠᠭᠤᠯᠭ᠎ᠠ ᠴᠦᠮ ᠠᠷᠢᠯᠴᠢᠬᠠᠪᠠ᠃ ᠪᠢ ᠬᠡᠳᠦ᠋ᠢᠪᠡᠷ ᠲᠡᠷᠡᠬᠦ ︽ᠮᠡᠷᠭᠡᠨ ᠴᠣᠬᠤᠷ︾ ᠢ ᠰᠢᠷᠪᠢᠭᠰᠡᠨ | ᠦᠭᠡᠢ ᠴᠦ ᠮᠢᠨᠤ ᠸᠢᠴᠠᠲ ᠲᠠᠢ ᠵᠠᠯᠭᠠᠵᠣ ᠪᠠᠶᠢᠭ᠎ᠠ ᠥᠢᠯᠡᠳᠪᠤᠷᠢ ᠬᠤᠳᠠᠯᠳᠣᠭᠠᠨ ᠤ ᠪᠠᠩᠬᠢ ᠶᠢᠨ ᠬᠢᠨ ᠤ | ᠢᠷᠡᠬᠦᠯᠥᠭᠰᠡᠨ᠄ ︽ᠮᠦᠩᠬᠦ ᠲᠦᠯᠦᠬᠦ ᠨᠢᠭᠤᠴᠠ ᠨᠣᠮᠧᠷ ᠴᠢᠨᠢ ᠪᠣᠷᠣᠭᠤᠳᠠᠭᠰᠠᠨ︾ ᠭᠡᠬᠦ ᠠᠭᠤᠯᠭ᠎ᠠ ᠪᠦᠬᠦᠢ ᠬᠤᠶᠠᠷ | ᠴᠠᠬᠢᠮ ᠮᠡᠳᠡᠭᠡ ᠶᠢ ᠳᠣᠰᠣᠭᠰᠠᠨ ᠪᠢᠯᠡ᠃ ᠭᠡᠷᠪᠡ ᠪᠢ ᠲᠡᠷᠡ ︽ᠮᠡᠷᠭᠡᠨ ᠴᠣᠬᠤᠷ︾ ᠢ ᠨᠢ ᠰᠢᠷᠪᠢᠭᠰᠡᠨ ᠪᠣᠯ | ᠭᠠᠭᠴᠠᠬᠦ 98 ᠲᠦᠭᠦᠷᠢᠭ ᠤᠨ ᠣᠴᠢᠷ ᠪᠢᠰᠢ ᠪᠠᠶᠢᠬ᠎ᠠ᠂ ᠲᠡᠭᠡᠭᠡᠳ ᠲᠡᠷᠡ ᠬᠦᠮᠦᠨ ᠮᠢᠨᠣ ᠨᠡᠷ᠎ᠡ᠂ ᠮᠢᠨᠣ ᠡᠭᠡᠴᠢ ᠶᠢᠨ | ᠨᠡᠷ᠎ᠡ ᠶᠢ ᠬᠥᠷᠳᠡᠯ᠎ᠠ ᠮᠡᠳᠡᠵᠦ ᠪᠠᠶᠢᠭᠰᠠᠨ ᠢ ᠨᠢ ᠪᠣᠳᠣᠬᠤᠯᠠᠷ ᠣᠳᠣ ᠴᠤ ᠭᠡᠰᠡᠨ ᠵᠢᠷᠦᠭᠡᠰᠢᠶᠡᠬᠦ ᠶᠤᠮ᠃ | ᠨᠡᠶᠢᠭᠡᠮ ᠤᠨ ᠬᠦᠭᠵᠢᠯᠲᠡ ᠶᠢ ᠳᠠᠭᠠᠯᠳᠣᠨ ᠠᠷᠪᠢᠨ ᠵᠦᠢᠯ ᠤᠨ ᠦᠢᠯᠡᠴᠢᠯᠡᠭᠡ ᠲᠦᠭᠦᠮ ᠲᠦᠳᠡ ᠪᠣᠯᠵᠣ | ᠂ ᠬᠦᠮᠦᠰ ᠤᠨ ᠠᠮᠢᠳᠣᠷᠠᠯ ᠳᠤ ᠶᠡᠭᠡ ᠲᠦᠭᠦᠮ ᠠᠪᠴᠢᠷᠠᠭᠰᠠᠨ ᠴᠦ ᠡᠭᠦᠨ ᠢ ᠳᠠᠭᠠᠯᠳᠣᠨ ᠬᠠᠣᠯᠢ ᠪᠣᠰᠣ | ᠡᠳᠡᠭᠡᠳ ᠤᠨ ᠠᠵᠢᠯᠯᠠᠭ᠎ᠠ ᠴᠦ ᠡᠯᠳᠡᠪ ᠣᠯᠠᠨ ᠠᠷᠭ᠎ᠠ ᠪᠠᠷ ᠬᠤᠪᠢᠷᠠᠵᠦ ᠪᠠᠶᠢᠭ᠎ᠠ ᠭᠡᠳᠡᠭ ᠢ ᠲᠠ ᠪᠦᠬᠦᠨ ᠮᠢᠨᠢ | ᠠᠩᠬᠠᠷᠬᠤ ᠴᠢᠬᠤᠯᠠᠲᠠᠢ ᠪᠠᠶᠢᠭ᠎ᠠ ᠶᠤᠮ᠃ ᠳᠠᠨᠢᠯ ᠬᠦᠮᠦᠨ ᠤ ᠨᠡᠷ᠎ᠡ ᠪᠠᠷ ᠵᠣᠭᠤᠰ ᠮᠦᠩᠬᠦ ᠵᠢᠭᠡᠯᠡᠬᠦ᠂ ᠪᠠᠩᠬᠢ ᠶᠢᠨ | ᠺᠠᠷᠲ ᠪᠣᠶᠣ ᠡᠯ᠎ᠡ ᠵᠦᠢᠯ ᠤᠨ ᠮᠦᠩᠬᠦᠨ ᠬᠦᠢᠯᠭᠡᠭᠡᠨ ᠤ ᠭᠡᠷᠡᠭᠯᠡᠪᠦᠷᠢ ᠶᠢᠨ ᠨᠢᠭᠤᠴᠠ ᠨᠣᠮᠧᠷ ᠢ ᠭᠤᠶᠣᠴᠢᠯᠠᠬᠤ᠂ | ᠰᠦᠯᠵᠢᠶᠡᠨ ᠬᠠᠶ᠋ᠢᠭ ᠶᠠᠪᠣᠭᠤᠯᠬᠤ ᠁ ᠬᠡᠬᠦ ᠵᠡᠷᠭᠡ ᠦᠷᠭᠡᠨ ᠢᠶᠠᠷ ᠲᠠᠷᠬᠠᠭᠠᠭᠳᠠᠵᠣ ᠪᠠᠶᠢᠭ᠎ᠠ ᠣᠯᠠᠨ ᠵᠥᠢᠯ ᠤᠨ | ᠮᠡᠭᠡᠯᠡᠯ ᠤᠨ ᠠᠷᠭ᠎ᠠ ᠪᠠᠰᠢᠷ ᠤᠨ ᠳᠣᠮᠳᠠ ︽ᠮᠡᠷᠭᠡᠨ ᠴᠤᠬᠤᠷ︾ ᠢ ᠰᠢᠷᠪᠢᠬᠦᠯᠬᠦ ᠨᠢ ᠴᠦ ᠪᠠᠰᠠ ᠨᠢᠭᠡᠨ ᠰᠢᠨ᠎ᠡ | ᠮᠡᠬᠡᠯᠡᠯ ᠤᠨ ᠠᠷᠭ᠎ᠠ ᠪᠣᠯᠤᠭᠠᠳ ᠪᠠᠶᠢᠨ᠎ᠠ᠃ ᠢᠩᠬᠢᠬᠦᠯᠡᠷ ᠲᠡᠷᠡ ︽ᠮᠡᠷᠭᠡᠨ ᠴᠣᠬᠤᠷ︾ ᠭᠡᠳᠡᠭ ᠢ ᠴᠢᠨᠢ ᠬᠠᠮᠢᠶ᠎ᠠ | ᠦᠭᠡᠢ ᠰᠢᠷᠪᠢᠵᠦ ᠪᠣᠯᠳᠠᠭ ᠦᠭᠡᠢ ᠶᠤᠮ᠃ ᠬᠢᠴᠢᠶᠡᠬᠦ ᠦᠭᠡᠢ ᠪᠣᠯ ᠪᠠᠰᠠᠴᠦ ᠠᠶᠣᠯᠳᠠᠢ ︽ᠮᠡᠷᠭᠡᠨ ᠴᠣᠬᠤᠷ︾ ᠰᠢᠦ | ︕ | |