ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤᠨ ᠤ ᠤᠯᠠᠭᠠᠨᠮᠥ᠋ᠴᠢᠷ᠄ ᠰᠢᠨ᠎ᠠ ᠴᠠᠭ ᠦᠶ᠎ᠠ ᠶᠢᠨ ᠰᠢᠨ᠎ᠠ ᠵᠢᠪᠬᠤᠭ᠎ᠠ ᠶᠢ ᠪᠠᠳᠠᠷᠠᠭᠤᠯᠦᠨ᠎ᠠ
ᠨᠡᠶᠢᠲᠡᠯᠡᠭᠰᠡᠨ ᠴᠠᠭ᠄
2018-05-29
       ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤᠨ ᠤ ᠤᠯᠠᠭᠠᠨᠮᠥ᠋ᠴᠢᠷ ᠤᠨ ᠪᠤᠯᠪᠠᠰᠤᠷᠠᠯ ᠤᠨ ᠭᠠᠵᠠᠷ ᠬᠦᠷᠬᠦᠯᠡᠷ ᠤᠯᠠᠭᠠᠨᠮᠥ᠋ᠴᠢᠷ ᠤᠨ ᠲᠤᠭᠯᠠᠭᠴᠢᠳ ᠮᠠᠨᠢ ︽ᠰᠢ ᠶᠡᠷᠦᠩᠭᠡᠢ ᠱᠦᠵᠢ ᠶᠢᠨ ᠵᠠᠬᠢᠳᠠᠯ︾ ᠬᠡᠮᠡᠬᠦ ᠲᠠᠭᠤᠤ ᠪᠦᠵᠢᠭ ᠤᠨ ᠵᠦᠴᠦᠬᠡ ᠪᠠᠨ ᠢᠳᠡᠪᠬᠢᠯᠠᠨ ᠪᠤᠯᠪᠠᠰᠤᠷᠠᠵᠠᠭᠠᠵᠦ ᠪᠠᠶᠢᠯ᠎ᠠ᠃ ᠲᠤᠰ ᠵᠦᠴᠦᠬᠡ ᠨᠢ ᠰᠢ ᠶᠡᠷᠦᠩᠭᠡᠢ ᠱᠦᠵᠢ ᠵᠢᠨ‌ᠬᠠᠷᠢᠭᠤ ᠵᠠᠬᠢᠳᠠᠯ ᠢᠶᠠᠷ ᠭᠤᠤᠯ ᠰᠢᠵᠢᠮ ᠪᠤᠯᠭᠠᠨ᠂ ᠤᠯᠠᠭᠠᠨᠮᠥ᠋ᠴᠢᠷ ᠤᠨ ᠬᠡᠰᠢᠬᠦᠳ‌‍ᠤᠨ‌‍ᠬᠦ᠋ᠰᠡᠯ ᠨᠠᠶᠢᠳᠠᠯᠭ᠎ᠠ  ᠪᠠᠨ ᠪᠠᠳᠦ ᠴᠠᠬᠡᠵᠢᠯᠠᠨ᠂ ᠦᠨᠳᠦᠰᠦᠨ ᠱᠠᠳᠦᠨ‌‍ᠳᠤ ᠰᠠᠭᠤᠷᠢᠯᠠᠨ᠂ ᠪᠦᠬᠦ ᠰᠡᠳᠬᠢᠯ ᠪᠦᠬᠦ ᠵᠤᠷᠢᠭ‌‍ᠢᠶ᠋ᠠᠷ‌‍ᠢᠶ᠋ᠠᠨ ᠤᠯᠠᠨ ᠲᠦᠮᠠᠨ ᠳ᠋ᠤ᠋‌ᠦᠢᠯᠡᠴᠢᠯᠠᠬᠦ ᠵᠤᠷᠢᠭ ᠰᠠᠨᠠᠭ᠎ᠠ ᠶᠢ ᠬᠠᠷᠠᠭᠤᠯᠵᠦ ᠪᠤᠢ᠃           ︽ᠰᠢ ᠶᠡᠷᠦᠩᠭᠡᠢ ᠱᠦᠵᠢ ᠶᠢᠨ ᠰᠦᠨᠢᠳ ᠪᠠᠷᠠᠭᠤᠨ ᠬᠤᠰᠢᠭᠤᠨ ᠳᠤ ᠢᠯᠡᠬᠡᠭᠰᠡᠨ ᠬᠠᠷᠢᠭᠤ ᠵᠠᠬᠢᠳᠠᠯ ᠳᠤ ᠪᠢᠳᠠᠨ ᠢ ᠡᠬᠦᠷᠢᠳᠡ ᠲᠠᠯ᠎ᠠ ᠨᠤᠳᠤᠭ‌‍ᠤᠨ ᠬᠤᠪᠢᠰᠬᠠᠯᠳᠤ ᠤᠳᠬ᠎ᠠ ᠤᠷᠠᠯᠢᠭ ‍ᠤᠨ‌‍ᠬᠦ᠋ᠡᠭᠭᠡᠨ ᠮᠤᠷᠢᠳᠦ ᠴᠡᠷᠢᠭ ᠪᠤᠯᠬᠤ ᠬᠡᠷᠡᠭᠳᠡᠢ ᠬᠡᠵᠦ ᠱᠠᠭᠠᠷᠳᠠᠭᠰᠠᠨ ᠪᠠᠶᠢᠨ᠎ᠠ᠃ ᠪᠢᠳᠠ‌ᠦᠨᠳᠦᠰᠦᠨ‌‍ᠱᠠᠳᠦᠨ ᠳᠤ ᠦᠨᠳᠦᠰᠦᠯᠠᠨ᠂ ᠠᠷᠠᠳ ᠲᠦᠮᠠᠨ ᠳᠤ ᠬᠦᠨᠵᠡᠬᠡᠶᠢᠷᠡᠨ᠂ ᠠᠷᠠᠳ ᠲᠦᠮᠠᠨ ᠤ ᠬᠡᠷᠡᠭᠴᠡᠭᠡ ᠱᠠᠭᠠᠷᠳᠠᠯᠭ᠎ᠠ ᠪᠠᠷ ᠭᠤᠤᠯᠳᠠᠯᠭ᠎ᠠ ᠪᠤᠯᠭᠠᠨ᠂ ᠨᠡᠩ ᠤᠯᠠᠨ ᠠᠷᠠᠳ‌‍ᠤᠨ‌‍ᠰᠡᠳᠬᠢᠯ ᠳᠤ ᠬᠦᠷᠦᠭᠰᠡᠨ ᠪᠦᠳᠦᠬᠡᠯ ᠪᠦᠳᠦᠬᠡᠬᠦ ᠪᠠᠷ ᠤᠯᠠᠮ ᠨᠢᠬᠡ ᠠᠯᠬᠤᠮ ᠴᠢᠷᠮᠠᠶᠢᠨ‌ᠠᠵᠢᠯᠯᠠᠬᠤ ᠬᠡᠷᠡᠭᠳᠡᠢ ᠪᠦᠬᠡᠳ‌ᠡᠶᠢᠮᠦᠷᠬᠦ ᠪᠦᠳᠦᠬᠡᠯ‌ᠨᠢ ᠰᠠᠶ᠋ᠢ ᠤᠯᠠᠨ‌‍ᠤ ᠲᠠᠭᠠᠰᠢᠶᠠᠯ ᠢ ᠬᠦᠷᠳᠡᠵᠦ ᠴᠢᠳᠠᠨ᠎ᠠ᠃︾ ᠬᠡᠵᠦ ᠤᠯᠠᠭᠠᠨᠮᠥ᠋ᠴᠢᠷ ‍ᠤᠨ‌‍ᠲ᠋ᠡᠳ᠋ ᠲᠠᠷᠤᠭ᠎ᠠ ᠬᠡᠷᠡᠯᠵᠡᠪ ᠤᠷᠮᠠᠳᠠᠶᠢᠬᠠᠨ‌‍ᠶᠠᠷᠢᠨ᠎ᠠ᠃            ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤᠨ ᠤ ᠤᠯᠠᠭᠠᠨᠮᠥ᠋ᠴᠢᠷ 1965 ᠤᠨ ᠳᠤ ᠪᠠᠶᠢᠭᠤᠯᠤᠭᠳᠠᠵᠦ ᠂ 52 ᠵᠢᠯ ᠤᠨ ᠲᠤᠷᠰᠢ ᠵᠢᠷᠭᠠᠯ ᠵᠤᠪᠠᠯᠠᠩ ᠢᠶᠠᠨ ᠬᠠᠮᠳᠤᠳᠬᠠᠨ᠂ ᠬᠠᠳᠠᠭᠤ ᠬᠥᠳᠡᠬᠦᠦ ᠶᠢ ᠬᠠᠮᠳᠦ‌‍ᠳᠠᠭᠠᠨ‌‍ᠲ᠋ᠤᠭᠤᠯᠵᠦ ᠢᠷᠡᠭᠰᠡᠨ ᠠᠵᠠᠢ᠃ ᠲᠡᠳᠡᠨᠡᠷ ᠤᠯᠠᠨ ᠵᠢᠯ ᠤᠨ ᠲᠤᠷᠰᠢᠳᠠ ᠮᠠᠯᠵᠢᠬᠤ ᠤᠷᠤᠨ ᠬᠦᠳᠡᠭᠡ ᠲᠤᠰᠬᠤᠨ ᠳᠤ ᠰᠠᠭᠤᠷᠢᠯᠠᠨ᠂ ᠦᠨᠳᠦᠰᠦᠨ ᠱᠠᠳᠦᠨ ᠳᠤ ᠬᠦᠨᠵᠡᠬᠡᠶᠢᠷᠡᠨ᠂ ᠰᠠᠯᠬᠢ ᠪᠤᠷᠤᠭᠠᠨ ᠳᠤ ᠰᠠᠭᠠᠳᠠᠯ ᠦᠬᠡᠢ ᠠᠵᠢᠯᠯᠠᠭᠰᠠᠭᠠᠷ‌ᠢᠷᠡᠭᠰᠡᠨ ᠪᠦᠬᠡᠳ ᠭᠤᠶᠢᠳᠠ ᠰᠠᠶᠢᠬᠠᠨ‌ᠤᠷᠠᠨ ᠪᠦᠳᠦᠬᠡᠯ ᠢᠶᠠᠷ ᠢᠶᠠᠨ ᠦᠪᠡᠷᠳᠡᠬᠡᠨ ᠵᠠᠰᠠᠬᠤ ᠤᠷᠤᠨ ᠤ ᠬᠡᠳᠦᠨ ᠠᠷᠪᠠᠨ ᠵᠢᠯ ᠤᠨ ᠲᠤᠷᠰᠢᠬᠢ ᠬᠦᠭᠵᠢᠯᠳᠠ ᠬᠤᠪᠢᠷᠠᠯᠳᠠ‌‍ᠶᠢ ᠬᠠᠷᠠᠭᠤᠯᠤᠭᠰᠠᠭᠠᠷ ᠢᠷᠠᠵᠠᠢ᠃ ᠤᠶᠢᠷ᠎ᠠ ᠶᠢᠨ ᠡᠳᠦᠷ ᠠᠮᠵᠢᠯᠳᠠ‌‍ᠲ᠋ᠠᠢ ᠦᠨᠳᠦᠷᠯᠡᠭᠰᠡᠨ ᠪᠦᠬᠦ ᠤᠷᠤᠨ ᠤ ᠤᠯᠠᠭᠠᠨᠮᠥ᠋ᠴᠢᠷ ᠤᠨ ᠠᠵᠢᠯ ᠤᠨ ᠬᠤᠷᠠᠯᠳᠤᠭᠠᠨ ᠵᠢᠴᠢ ᠤᠯᠠᠭᠠᠨᠮᠥ᠋ᠴᠢᠷ ᠤᠨ ᠪᠠᠶᠢᠭᠤᠯᠤᠭᠳᠠᠭᠰᠠᠨ 60 ᠵᠢᠯ ᠤᠨ ᠬᠦᠬᠢᠬᠦᠯᠤᠯ ᠤᠨ ᠬᠤᠷᠠᠯ ᠳᠤ ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤᠨ ᠤ ᠤᠯᠠᠭᠠᠨᠮᠥ᠋ᠴᠢᠷ ᠪᠦᠬᠦ ᠤᠷᠤᠨ ᠤ ᠠᠷᠪᠠᠨ ᠰᠢᠯᠢᠳᠡᠭ ᠤᠯᠠᠭᠠᠨᠮᠥ᠋ᠴᠢᠷ ᠢᠶᠠᠷ ᠰᠤᠩᠭᠤᠭᠳᠠᠭᠰᠠᠨ ᠶᠤᠮ᠃ ᠤᠯᠠᠭᠠᠨᠮᠥ᠋ᠴᠢᠷ ᠠᠩᠬ᠎ᠠ ᠪᠠᠶᠢᠭᠤᠯᠤᠭᠳᠠᠬᠤ ᠦᠶ᠎ᠠ ᠳᠤ ᠪᠦᠬᠦ ᠤᠯᠠᠭᠠᠨᠴᠠᠪ ᠲᠤ ᠲᠤᠭᠯᠠᠭᠴᠢᠳ‌‍ᠲ᠋ᠠᠢ ᠪᠠᠨ‌ᠨᠠᠶᠢᠯᠡᠬᠡᠳ 12 ᠬᠦᠮᠦᠨ ᠲᠠᠢ ᠪᠠᠶᠢᠭᠰᠠᠨ ᠶᠤᠮ᠃ ᠲᠠᠷᠠ ᠦᠶ᠎ᠠ ᠳᠤ ᠨᠦᠬᠦᠴᠠᠯ ᠪᠠᠶᠢᠳᠠᠯ ᠬᠡᠵᠦ ᠮᠠᠰᠢ ᠠᠨᠠᠢ᠂ ᠡᠪᠦᠯ ᠤᠨ ᠴᠠᠭ ᠲᠤᠭᠯᠠᠭᠴᠢᠳ ᠵᠤᠤᠬ᠎ᠠ ᠲᠤᠯᠭ᠎ᠠ ᠦᠬᠡᠢ ᠬᠡᠷ ᠲᠤ ᠪᠤᠯᠪᠠᠰᠤᠷᠠᠵᠦ᠂ ᠲᠤᠭᠯᠠᠯᠳᠠ ᠦᠢᠷᠠᠳᠬᠤ ᠪᠠᠷ ᠬᠤᠪᠴᠠᠰᠦ‌‍ᠪᠠᠨ ᠴᠤ ᠰᠤᠯᠢᠬᠤ ᠵᠠᠪ ᠴᠢᠯᠦᠬᠡ ᠦᠬᠡᠢ ᠪᠠᠶᠢᠭᠰᠠᠨ ᠴᠠᠭ᠃ ᠢᠡᠭᠭᠢᠵᠦ ᠯᠡ ᠲᠤᠭᠯᠠᠬᠤ ᠪᠠ ᠪᠤᠯᠪᠠᠰᠤᠷᠠᠬᠤ‌‍ᠪᠠᠨ‌ᠵᠡᠷᠭᠡ ᠰᠠᠴᠠᠭᠤ ᠶᠠᠪᠤᠭᠳᠠᠭᠤᠯᠵᠦ ᠮᠤᠩᠭᠢᠨᠠᠳᠠᠯ᠎ᠠ ᠶᠠᠭᠠᠷᠠᠯᠳᠤᠳᠠᠭ ᠪᠠᠶᠢᠯ᠎ᠠ᠃︾ ᠬᠡᠵᠦ 74 ᠶᠢᠨ ᠦᠨᠳᠦᠷ ᠨᠠᠰᠤ ᠶᠢ ᠵᠤᠭᠤᠭᠯᠠᠵᠦ ᠶᠠᠪᠤᠭ᠎ᠠ ᠤᠯᠠᠭᠠᠨᠮᠥ᠋ᠴᠢᠷ ᠤᠨ ᠠᠩᠬᠠᠨ ᠤ ᠦᠶ᠎ᠠ ᠶᠢᠨ ᠲᠤᠭᠯᠠᠭᠴᠢ ᠪᠠᠶᠢᠢᠭᠰᠠᠨ ᠵᠠᠮᠦᠵᠠᠪ ᠨᠠᠰᠦᠳᠠᠨ ᠬᠠᠭᠤᠴᠢᠯᠠᠨ᠎ᠠ᠃ ᠡᠳᠦᠬᠡ ᠪᠤᠯᠬᠤ ᠳᠤ ᠴᠠᠬᠠᠷ ᠪᠠᠷᠠᠭᠤᠨ ᠭᠠᠷᠦᠨ ᠬᠤᠶᠢᠢᠳᠦ ᠬᠤᠰᠢᠭᠤᠨ ᠤ ᠤᠯᠠᠭᠠᠨᠮᠦᠴᠢᠷ ᠬᠤᠰᠢᠭᠤᠨ ᠤ ᠪᠠᠨ ᠨᠠᠮ ᠤᠨ ᠬᠤᠷᠢᠶ᠎ᠠ ᠵᠠᠰᠠᠭ ᠤᠨ ᠤᠷᠳᠦᠨ ᠤ ᠬᠦᠴᠦᠳᠠᠢ ᠲᠡᠮᠵᠢᠯᠬᠡ ᠲᠤᠤᠷ᠎ᠠ ︽ᠬᠤᠤᠰ ᠵᠠᠭᠤᠨ︾ ᠤ ᠴᠢᠭᠯᠡᠯᠳᠡ ᠪᠠᠨ ᠢᠮᠠᠭᠳᠠ ᠪᠠᠷᠢᠮᠳᠠᠯᠠᠵᠦ᠂ ︽ᠬᠤᠶᠠᠷ ᠲᠦᠯᠦᠬᠡ︾ ᠶᠢᠨ ᠴᠢᠭᠯᠡᠯ ᠢᠶᠠᠨ ᠪᠠᠳᠦ ᠴᠠᠬᠡᠵᠢᠯᠠᠨ᠂ ᠪᠤᠰᠤᠳ ᠤᠨ ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤ ᠶᠢ ᠤᠶᠢᠯᠭᠠᠬᠤ ᠰᠤᠶᠤᠯ ᠤᠨ ᠡᠯᠴᠢ ᠪᠤᠯᠤᠭᠰᠠᠨ ᠪᠠᠶᠢᠨ᠎ᠠ᠃ ᠲᠡᠳᠡᠨ ᠤ ᠦᠪᠡᠷ ᠢᠶᠠᠨ ᠵᠤᠬᠢᠶᠠᠵᠦ ᠪᠦᠳᠦᠬᠡᠭᠰᠡᠨ ᠪᠦᠳᠦᠬᠡᠯ ᠨᠢ ᠮᠠᠯᠴᠢᠨ ᠤᠯᠠᠨ ᠤ ᠢᠶᠠᠨ ᠲᠠᠭᠠᠰᠢᠶᠠᠯ ᠢ ᠬᠦᠷᠳᠡᠬᠦ ᠪᠠᠷ ᠪᠠᠷᠠᠬᠤ ᠦᠬᠡᠢ ᠮᠠᠰᠢ ᠤᠯᠠᠨ ᠰᠢᠯᠢᠳᠡᠭ ᠵᠦᠴᠦᠬᠡ ᠶᠢᠨ ᠪᠦᠳᠦᠬᠡᠯ ᠨᠢ ᠤᠯᠦᠰ ᠤᠷᠤᠨ ᠢᠶᠠᠨ ᠲᠦᠯᠦᠬᠡᠯᠡᠵᠦ ᠬᠠᠷᠢ ᠨᠤᠳᠤᠭ ᠲᠤ ᠲᠤᠭᠯᠠᠭᠳᠠᠭᠰᠠᠨ ᠪᠦᠬᠡᠳ ︽ᠦᠵᠡᠮᠵᠢᠳᠦ ᠰᠠᠶᠢᠬᠠᠨ ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤ︾ ︽ᠵᠢᠷᠦᠮᠳᠦ ᠲᠠᠶᠢᠴᠢᠨ ᠴᠠᠬᠠᠷ︾ ︽ᠰᠢᠳᠦᠬᠡᠨ ᠪᠢᠰᠢᠷᠠᠯ︾ ᠵᠡᠷᠭᠡ ᠪᠦᠳᠦᠬᠡᠯ ᠨᠢ ᠬᠤᠶᠢᠨ᠎ᠠ ᠡᠮᠦᠨ᠎ᠠ ᠤᠯᠤᠰ ᠤᠨ ᠲᠠᠰ ᠤᠨ ᠪᠠ ᠦᠪᠡᠷᠳᠡᠬᠡᠨ ᠵᠠᠰᠠᠬᠤ ᠤᠷᠤᠨ ᠤ ᠶᠡᠭᠡ ᠱᠠᠩ ᠢ ᠲᠤᠰᠤᠭᠰᠠᠨ ᠪᠠᠶᠢᠨ᠎ᠠ᠃ ᠡᠨᠡ ᠵᠢᠯ ᠴᠠᠬᠠᠷ ᠪᠠᠷᠠᠭᠤᠨ ᠭᠠᠷᠦᠨ ᠬᠤᠶᠢᠳᠦ ᠬᠤᠰᠢᠭᠤᠨ ᠤ ᠤᠯᠠᠭᠠᠨᠮᠥ᠋ᠴᠢᠷ 130 ᠭᠠᠷᠦᠢ ᠲᠤᠭᠯᠠᠯᠳᠠ ᠭᠠᠷᠭᠠᠵᠦ᠂ ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠤᠬᠠᠭᠤᠯᠬᠤ ᠶᠢᠨ ᠲᠤᠯᠠᠳᠠ ︽ᠠᠷᠪᠠ ᠶᠢᠰᠦᠳᠦᠬᠡᠷ ᠶᠡᠭᠡ ᠬᠤᠷᠠᠯ ᠤᠨ ᠮᠠᠭᠳᠠᠭᠠᠯ︾᠂ ︽ᠵᠤᠯ ᠵᠢᠷᠭᠠᠯᠳᠦ ᠤᠮᠠᠷᠠᠳᠦ ᠬᠢᠯᠢ︾ ︽ᠮᠠᠯᠴᠢᠳ ᠡᠪ ᠬᠠᠮᠳᠦ ᠨᠠᠮ ᠢᠶᠠᠨ ᠮᠠᠭᠳᠠᠨ ᠲᠠᠭᠤᠯᠠᠨ᠎ᠠ︾ ᠵᠡᠷᠭᠡ ᠠᠷᠪᠠᠨ ᠬᠡᠳᠦᠨ ᠪᠦᠳᠦᠬᠡᠯ ᠪᠦᠳᠦᠬᠡᠭᠰᠡᠨ ᠶᠤᠮ᠃                                                            ᠵᠣᠬᠢᠶᠠᠭᠴᠢ᠄ ᠣᠨᠳᠣᠷ    
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号