ᠭᠤᠤᠯ ᠰᠡᠳᠤᠪ᠄ ᠨᠤᠷᠠᠬᠤ ᠠᠶᠤᠯᠲᠠᠢ ᠬᠡᠷ ᠪᠠᠶᠢᠰᠢᠩ ᠢ ᠳᠡᠭ ᠪᠤᠯᠭᠠᠬᠤ ᠠᠵᠢᠯᠯᠠᠭ᠎ᠠ ᠶᠢ ᠲᠤᠤᠱᠯᠠᠭᠤᠯᠤᠨ᠂ | ᠶᠡᠷᠤᠩᠭᠡᠶᠢᠯᠡᠭᠰᠡᠨ ᠪᠠᠲᠤᠯᠭ᠎ᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ | ᠰᠤᠷᠪᠤᠯᠵᠢᠯᠠᠬᠤ ᠡᠲᠡᠭᠡᠳ᠄ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠬᠤᠰᠢᠭᠤ ᠨᠠᠮ ᠤᠨ ᠬᠤᠷᠢᠶᠠᠨ | ᠤ ᠱᠦᠵᠢ ᠵᠢᠢ ᠴᠢᠤᠸᠠᠨ ᠹᠦ᠋ ᠨᠦᠬᠦᠷ | ᠰᠤᠷᠪᠤᠯᠵᠢᠯᠠᠨ ᠶᠠᠷᠢᠯᠴᠠᠬᠤ ᠠᠭᠤᠯᠭ᠎ᠠ | ᠬᠤᠸᠠᠩ ᠹᠦ᠋ ᠮᠸᠢ ᠰᠢᠶᠠᠨ᠄ ᠠᠵᠤ ᠠᠬᠤᠢ ᠶᠢᠨ ᠬᠦᠭᠵᠢᠯᠲᠠ ᠶᠢᠨ ᠨᠦᠬᠦᠴᠡᠯ ᠤᠨ ᠨᠦᠯᠦᠬᠡ ᠶᠢ ᠬᠦᠷᠲᠡᠭᠰᠡᠨ | ᠠᠴᠠ ᠪᠤᠯᠵᠤ᠂ ᠤᠯᠠᠭᠠᠨᠴᠠᠪ ᠤᠷᠤᠨ ᠤ ᠮᠠᠯᠵᠢᠬᠤ ᠲᠠᠷᠢᠶᠠᠯᠠᠬᠤ ᠤᠷᠤᠨ ᠳᠠᠬᠢ ᠨᠤᠷᠠᠬᠤ ᠠᠶᠤᠯᠲᠠᠢ ᠬᠡᠷ ᠪᠠᠶᠢᠰᠢᠩ | ᠤᠨ ᠲᠤᠭ᠎ᠠ ᠬᠡᠮᠵᠢᠶ᠎ᠡ ᠨᠡᠯᠢᠶᠡᠳ ᠤᠯᠠᠨ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠨᠤᠷᠠᠬᠤ ᠠᠶᠤᠯᠲᠠᠢ | ᠬᠡᠷ ᠪᠠᠶᠢᠰᠢᠩ ᠤᠨ ᠪᠠᠶᠢᠳᠠᠯ ᠨᠢ ᠶᠠᠮᠠᠷ ᠬᠦ ᠪᠤᠢ︖ | ᠵᠢᠢ ᠴᠢᠤᠸᠠᠨ ᠹᠦ᠋ ᠨᠦᠬᠦᠷ᠄ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ ᠦᠪᠦᠷ ᠮᠤᠩᠭᠤᠯ ᠤᠨ | ᠦᠪᠷᠲᠡᠭᠡᠨ ᠵᠠᠰᠠᠬᠤ ᠤᠷᠤᠨ ᠤ ᠳᠤᠮᠳᠠ ᠬᠡᠰᠡᠭ᠂ ᠤᠯᠠᠭᠠᠨᠴᠠᠪ ᠬᠤᠲᠠ ᠶᠢᠨ ᠬᠤᠶᠢᠲᠤ ᠬᠡᠰᠡᠭ ᠳᠤ ᠤᠷᠤᠰᠢᠵᠤ | ᠪᠠᠶᠢᠨ᠎ᠠ᠂ ᠳᠡᠤᠬᠡᠨ ᠠᠴᠠ ᠦᠯᠡᠳᠡᠭᠳᠡᠭᠰᠡᠨ ᠦᠷᠢ ᠤᠯᠠᠨ᠂ ᠤᠷᠤᠰᠢᠨ ᠰᠠᠭᠤᠬᠤ ᠤᠷᠴᠢᠨ ᠲᠤᠭᠤᠷᠢᠨ ᠠᠨᠠᠢ᠂ | ᠮᠠᠯᠴᠢᠨ ᠲᠠᠷᠢᠶᠠᠴᠢᠨ ᠤ ᠰᠠᠭᠤᠵᠤ ᠪᠠᠶᠢᠭ᠎ᠠ ᠬᠡᠷ ᠪᠠᠶᠢᠰᠢᠩ ᠤᠨ ᠤᠯᠠᠩᠭᠢ ᠨᠢ ᠪᠤᠯ ᠳᠡᠭᠡᠷ᠎ᠡ ᠵᠠᠭᠤᠨ ᠤ ᠨᠠᠶᠠᠭᠠᠳ | ᠤᠨ ᠤ ᠦᠶ᠎ᠡ ᠪᠠᠷ ᠪᠠᠷᠢᠭᠰᠠᠨ ᠰᠢᠷᠤᠢ ᠬᠡᠷ᠂ 2014 ᠤᠨ ᠤ ᠵᠢᠯ ᠤᠨ ᠡᠴᠤᠰ ᠪᠤᠯᠳᠠᠯ᠎ᠠ ᠪᠦᠬᠦ ᠬᠤᠰᠢᠭᠤᠨ ᠤ | ᠨᠤᠷᠠᠬᠤ ᠠᠶᠤᠯᠲᠠᠢ ᠬᠡᠷ ᠪᠠᠶᠢᠰᠢᠩ ᠤᠨ ᠡᠵᠡᠯᠡᠬᠦ ᠬᠠᠷᠢᠴᠠᠯ ᠨᠢ 80% ᠠᠴᠠ ᠳᠡᠭᠡᠭᠰᠢ ᠪᠠᠶᠢᠪᠠ᠃ | ᠬᠤᠸᠠᠩ ᠹᠦ᠋ ᠮᠸᠢ ᠰᠢᠶᠠᠨ᠄ ᠰᠠᠭᠤᠬᠤ ᠬᠡᠷ ᠤᠨ ᠠᠮᠤᠷ ᠳᠦᠪᠰᠢᠨ ᠢ ᠰᠢᠢᠳᠪᠤᠷᠢᠯᠡᠬᠦ ᠪᠤᠯ ᠶᠠᠳᠠᠭᠤ | ᠬᠦᠴᠢᠷᠳᠡᠯᠲᠠᠢ ᠬᠦᠮᠦᠨ ᠠᠮᠠ ᠶᠠᠳᠠᠭᠤ ᠠᠴᠠ ᠠᠩᠭᠢᠵᠢᠷᠠᠵᠤ ᠳᠡᠶᠢᠯᠬᠦ ᠡᠰᠡᠬᠦ ᠶᠢ ᠦᠵᠡᠬᠦ ᠨᠢᠬᠡᠨ ᠴᠢᠬᠤᠯᠠ | ᠪᠠᠲᠤᠯᠭ᠎ᠠ ᠮᠦᠨ᠂ ᠰᠠᠭᠤᠬᠤ ᠬᠡᠷ ᠤᠨ ᠪᠠᠲᠤᠯᠭ᠎ᠠ ᠬᠡᠬᠦ ᠡᠨᠡ ᠬᠦ ᠬᠦᠴᠢᠷ ᠠᠰᠠᠭᠤᠳᠠᠯ ᠳᠤ ᠬᠠᠨᠳᠠᠭᠤᠯᠤᠨ᠂ ᠴᠠᠬᠠᠷ | ᠪᠠᠷᠠᠭᠤᠨ ᠭᠠᠷᠤᠨ ᠬᠤᠶᠢᠲᠤ ᠬᠤᠰᠢᠭᠤ ᠬᠡᠷᠬᠢᠨ ᠬᠦᠴᠢᠷ ᠪᠡᠷᠬᠡᠰᠢᠶᠡᠯ ᠢ ᠲᠤᠭᠤᠯᠤᠭᠰᠠᠨ ᠪᠤᠢ︖ | ᠵᠢᠢ ᠴᠢᠤᠸᠠᠨ ᠹᠦ᠋ ᠨᠦᠬᠦᠷ᠄ ᠮᠠᠨ ᠤ ᠬᠤᠰᠢᠭᠤ ︽ᠬᠤᠶᠠᠷ ᠵᠤᠪᠠᠭ᠋ᠤ ᠦᠬᠡᠢ᠂ ᠭᠤᠷᠪᠠ ᠪᠠᠲᠤᠯᠠᠬᠤ︾ | ᠬᠠᠷᠠᠯᠲᠠ ᠢ ᠲᠤᠭᠲᠠᠭᠠᠵᠤ᠂ ︽ᠶᠠᠳᠠᠭᠤ ᠶᠢ ᠢᠯᠭᠠᠨ ᠲᠠᠨᠢᠬᠤ ᠳᠤ ᠬᠠᠮᠤᠭ ᠤᠷᠢᠳ ᠢᠶᠠᠷ ᠰᠠᠭᠤᠬᠤ ᠬᠡᠷ᠂ ᠶᠠᠳᠠᠭᠤ | ᠠᠴᠠ ᠠᠩᠭᠢᠵᠢᠷᠠᠬᠤ ᠪᠠᠲᠤᠯᠭ᠎ᠠ ᠨᠢ ᠪᠤᠯ ᠰᠠᠭᠤᠬᠤ ᠬᠡᠷ︾ ᠬᠡᠬᠦ ᠡᠨᠡ ᠬᠦ ᠭᠤᠤᠯ ᠴᠦᠮ᠎ᠡ ᠶᠢᠨ ᠲᠤᠭᠤᠷᠢᠨ ᠳᠤ᠂ | ᠪᠦᠬᠦ ᠬᠤᠰᠢᠭᠤᠨ ᠤ ᠠᠯᠢᠪᠡ ᠬᠦᠴᠦᠨ ᠢ ᠬᠦᠳᠡᠯᠭᠡᠨ ᠨᠤᠷᠠᠬᠤ ᠠᠶᠤᠯᠲᠠᠢ ᠬᠡᠷ ᠪᠠᠶᠢᠰᠢᠩ ᠢ ᠳᠡᠭ ᠪᠤᠯᠭᠠᠬᠤ | ᠠᠵᠢᠯᠯᠠᠭ᠎ᠠ ᠶᠢ ᠦᠷᠨᠢᠬᠦᠯᠵᠤ᠂ ᠶᠠᠭᠠᠬᠢᠭᠰᠠᠨ ᠴᠤ ᠬᠡᠰᠡᠨ ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ | ᠡᠨᠡ ᠬᠦ ᠬᠦᠴᠢᠷ ᠠᠰᠠᠭᠤᠳᠠᠯ ᠢ ᠰᠢᠢᠳᠪᠤᠷᠢᠯᠡᠨ᠎ᠡ᠂ 2015 ᠤᠨ ᠠᠴᠠ ᠨᠠᠭᠠᠰᠢ᠂ ᠪᠦᠬᠦ ᠬᠤᠰᠢᠭᠤ ᠨᠡᠶᠢᠲᠠ | 17698 ᠡᠷᠤᠬᠡ ᠰᠢᠨ᠎ᠠ ᠬᠡᠷ ᠪᠠᠷᠢᠪᠠ᠂ ᠡᠨᠡ ᠵᠢᠯ ᠮᠠᠨ ᠤ ᠬᠤᠰᠢᠭᠤ ᠦᠯᠡᠳᠡᠵᠤ ᠪᠠᠶᠢᠭ᠎ᠠ 1669 ᠡᠷᠤᠬᠡ | ᠤᠳᠠᠭᠠᠨ ᠴᠠᠭ ᠰᠠᠭᠤᠵᠤ ᠪᠠᠶᠢᠭ᠎ᠠ ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ ᠠᠵᠢᠯ ᠢᠶᠠᠨ | ᠡᠬᠢᠯᠡᠬᠦᠯᠪᠡ᠂ ᠵᠢᠯ ᠤᠨ ᠳᠤᠲᠤᠷ᠎ᠠ ᠮᠠᠯᠴᠢᠨ ᠲᠠᠷᠢᠶᠠᠴᠢᠨ ᠤ ᠰᠠᠭᠤᠬᠤ ᠬᠡᠷ ᠤᠨ ᠠᠮᠤᠷ ᠳᠦᠪᠰᠢᠨ ᠤ ᠠᠰᠠᠭᠤᠳᠠᠯ ᠢ | ᠲᠤᠶᠢᠯᠪᠤᠷᠢᠲᠠᠢ ᠰᠢᠢᠳᠪᠤᠷᠢᠯᠡᠵᠤ ᠦᠭᠬᠦᠨ᠎ᠡ᠃ | ᠬᠤᠸᠠᠩ ᠹᠦ᠋ ᠮᠸᠢ ᠰᠢᠶᠠᠨ᠄ ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ ᠠᠵᠢᠯ ᠤᠨ | ᠤᠷᠤᠭᠰᠢᠲᠠᠢ ᠶᠠᠪᠤᠭᠳᠠᠬᠤ ᠶᠢᠨ ᠭᠤᠤᠯ ᠨᠢ ᠪᠤᠯ ᠤᠯᠠᠨ ᠲᠦᠮᠡᠨ ᠢ ᠳᠤᠬᠢᠷᠠᠭᠤᠯᠤᠨ ᠤᠷᠤᠯᠴᠠᠭᠤᠯᠬᠤ ᠳᠤ ᠪᠠᠶᠢᠨ᠎ᠠ᠂ | ᠨᠤᠷᠠᠬᠤ ᠭᠡᠷ ᠪᠠᠶᠢᠰᠢᠩ ᠤᠨ ᠡᠵᠡᠨ ᠲᠦᠷᠦᠭᠰᠡᠨ ᠨᠤᠲᠤᠭ ᠠᠴᠠ ᠪᠠᠨ ᠰᠠᠯᠵᠤ ᠶᠠᠳᠠᠬᠤ ᠵᠡᠷᠭᠡ ᠰᠡᠳᠬᠢᠯᠬᠡ ᠶᠢᠨ | ᠵᠠᠩᠭᠢᠯᠭ᠎ᠠ ᠳᠤ ᠬᠠᠳᠤᠭᠤᠯᠤᠨ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ ᠬᠡᠷᠬᠢᠨ ᠡᠨᠡ ᠬᠦ ᠠᠵᠢᠯ ᠢ | ᠤᠷᠤᠭᠰᠢᠲᠠᠢ ᠳᠦᠯᠬᠢᠨ ᠠᠬᠢᠭᠤᠯᠤᠭᠰᠠᠨ ᠪᠤᠢ︖ | ᠵᠢᠢ ᠴᠢᠤᠸᠠᠨ ᠹᠦ᠋ ᠨᠦᠬᠦᠷ᠄ ᠳᠠᠭᠠᠭᠠᠵᠤ ᠳᠡᠳᠬᠦᠬᠦ ᠺᠠᠲᠠᠷ ᠠᠶᠢᠯ ᠡᠷᠤᠬᠡ ᠳᠤ ᠤᠷᠤᠬᠤ ᠪᠠᠷ ᠳᠠᠮᠵᠢᠨ᠂ | ᠢᠳᠡᠪᠬᠢᠲᠠᠢ ᠪᠠᠷ ᠤᠯᠠᠨ ᠲᠦᠮᠡᠨ ᠳᠤ ︽ᠭᠤᠷᠪᠠᠨ ᠳᠠᠩᠰᠠ︾ ᠢ ᠰᠠᠶᠢᠨ ᠪᠤᠳᠤᠵᠤ ᠦᠭᠴᠤ᠂ ᠤᠯᠠᠨ ᠲᠦᠮᠡᠨ ᠢ | ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ᠂ ᠤᠨᠳᠤᠤ ᠭᠠᠵᠠᠷ ᠨᠡᠬᠦᠬᠦ ᠪᠤᠯᠤᠨ ᠵᠢᠵᠢᠭ ᠲᠤᠰᠬᠤᠨ ᠢ | ᠨᠢᠬᠡᠳᠬᠡᠬᠦ ᠶᠢᠨ ᠳᠠᠪᠠᠭᠤᠯᠢᠭ ᠲᠠᠯ᠎ᠠ ᠪᠤᠯᠤᠨ ᠰᠠᠶᠢᠨ ᠲᠠᠯ᠎ᠠ ᠶᠢ ᠲᠠᠨᠢᠭᠤᠯᠵᠤ᠂ ︽ᠨᠠᠳᠠ ᠶᠢ ᠨᠡᠬᠦᠯᠬᠡᠬᠦ︾ ᠠᠴᠠ ︽ | ᠪᠢ ᠦᠪᠡᠷ ᠢᠶᠠᠨ ᠨᠡᠬᠦᠨ᠎ᠡ︾ ᠬᠡᠬᠦ ᠶᠢ ᠪᠡᠶᠡᠯᠡᠬᠦᠯᠦᠨ᠎ᠡ᠃ ᠨᠢᠬᠡ ᠳᠤ ᠰᠠᠭᠤᠬᠤ ᠬᠡᠷ ᠤᠨ ᠪᠦᠲᠦᠬᠡᠨ ᠪᠠᠶᠢᠭᠤᠯᠤᠯᠲᠠ | ᠶᠢᠨ ︽ᠦᠪᠡᠷ ᠤᠨ ᠦᠷᠲᠡᠭ ᠤᠨ ᠳᠠᠩᠰᠠ︾ ᠢ ᠪᠤᠳᠤᠬᠤ᠂ ᠬᠠᠭᠤᠴᠢᠨ ᠬᠡᠷ ᠢ ᠰᠢᠨᠡᠳᠬᠡᠨ ᠵᠠᠰᠠᠬᠤ ᠪᠤᠶᠤ ᠰᠢᠨ᠎ᠠ | ᠰᠠᠭᠤᠬᠤ ᠬᠡᠷ ᠪᠠᠷᠢᠭᠰᠠᠨ ᠤ ᠰᠡᠭᠦᠯᠡᠷ᠂ ᠬᠡᠷ ᠪᠠᠶᠢᠰᠢᠩ ᠤᠨ ᠲᠦᠯᠦᠪᠯᠡᠨ ᠵᠢᠷᠤᠬᠤ᠂ ᠪᠤᠳᠠᠰ ᠪᠠᠷᠠᠭ᠎ᠠ | ᠵᠦᠬᠡᠬᠡᠪᠤᠷᠢᠯᠡᠬᠦ ᠵᠢᠴᠢ ᠤᠰᠤ ᠴᠠᠬᠢᠯᠭᠠᠨ ᠤ ᠨᠡᠶᠢᠲᠠ ᠶᠢᠨ ᠳᠦᠬᠦᠷ ᠵᠡᠷᠭᠡ ᠲᠠᠯ᠎ᠠ ᠪᠠᠷ ᠬᠢ ᠪᠡᠯᠡ ᠤᠷᠤᠭᠤᠯᠬᠤ ᠪᠠᠨ | ᠠᠷᠪᠢᠯᠠᠨ ᠭᠠᠮᠨᠠᠵᠤ ᠳᠡᠶᠢᠯᠬᠦ ᠪᠠᠷ ᠪᠠᠷᠠᠬᠤ ᠦᠬᠡᠢ ᠪᠠᠰᠠ ᠨᠤᠷᠠᠬᠤ ᠠᠶᠤᠯᠲᠠᠢ ᠭᠡᠷ ᠪᠠᠶᠢᠰᠢᠩ ᠢ ᠰᠢᠨᠡᠳᠬᠡᠨ ᠵᠠᠰᠠᠬᠤ | ᠪᠤᠶᠤ ᠤᠨᠳᠤᠤ ᠭᠠᠵᠠᠷ ᠨᠡᠬᠦᠬᠦ ᠠᠴᠠ ᠪᠤᠯᠤᠭᠰᠠᠨ ᠲᠦᠷᠤ ᠶᠢᠨ ᠪᠤᠳᠤᠯᠭ᠎ᠠ ᠶᠢᠨ ᠨᠦᠬᠦᠪᠤᠷᠢ ᠶᠢ ᠬᠦᠷᠲᠡᠵᠤ | ᠳᠡᠶᠢᠯᠤᠨ᠎ᠡ᠃ ᠬᠤᠶᠠᠷ ᠲᠤ ᠵᠤᠯ ᠵᠢᠷᠭᠠᠯ ᠤᠨ ᠵᠢᠭᠠᠯᠲᠠ ᠲᠤᠭᠠᠨ ᠤ ︽ᠳᠡᠭᠡᠭᠰᠢᠯᠡᠬᠦ ᠳᠠᠩᠰᠠ︾ ᠢ ᠪᠤᠳᠤᠬᠤ᠂ | ᠬᠠᠭᠤᠴᠢᠨ ᠬᠡᠷ ᠢ ᠰᠢᠨᠡᠳᠬᠡᠨ ᠵᠠᠰᠠᠬᠤ ᠪᠤᠶᠤ ᠰᠢᠨ᠎ᠠ ᠬᠡᠷ ᠪᠠᠷᠢᠭᠰᠠᠨ ᠤ ᠰᠡᠬᠦᠯᠡᠷ᠂ ᠲᠦᠪᠯᠡᠷᠡᠭᠦᠯᠦᠨ ᠳᠤᠬᠢᠷᠠᠭᠤᠯᠬᠤ | ᠂ ᠤᠶᠢᠷᠠᠬᠠᠨ ᠳᠤᠬᠢᠷᠠᠭᠤᠯᠬᠤ ᠡᠰᠡᠬᠦᠯ᠎ᠡ ᠵᠤᠯ ᠵᠢᠷᠭᠠᠯᠠᠩᠲᠤ ᠬᠦᠷᠢᠶᠡᠯᠡᠩ ᠳᠤ ᠳᠤᠬᠢᠷᠠᠭᠤᠯᠤᠭᠰᠠᠨ ᠴᠤ ᠬᠠᠮᠢᠭ᠎ᠠ | ᠦᠬᠡᠢ᠂ ᠴᠦᠮ ︽ᠳᠦᠷᠪᠡᠨ ᠬᠤᠪᠢᠷᠠᠬᠤ ᠦᠬᠡᠢ︾ ︽ᠬᠤᠶᠠᠷ ᠡᠷᠬᠡ ᠳᠡᠭᠰᠢ︾ ︽ᠨᠢᠬᠡ ᠬᠦᠩᠭᠡᠷᠡᠭᠦᠯᠬᠦ︾ | ᠲᠦᠷᠤ ᠶᠢᠨ ᠪᠤᠳᠤᠯᠭ᠎ᠠ ᠶᠢ ᠪᠦᠬᠦ ᠲᠠᠯ᠎ᠠ ᠪᠠᠷ ᠪᠡᠶᠡᠯᠡᠬᠦᠯᠵᠤ᠂ ᠰᠤᠶᠤᠯ᠂ ᠰᠤᠷᠭᠠᠨ ᠬᠦᠮᠦᠵᠢᠯ᠂ ᠡᠮ ᠡᠮᠨᠡᠯᠬᠡ ᠵᠡᠷᠭᠡ | ᠨᠡᠶᠢᠲᠠ ᠶᠢᠨ ᠤᠶᠢᠯᠡᠴᠢᠯᠡᠬᠡᠨ ᠪᠦᠬᠦ ᠲᠠᠯ᠎ᠠ ᠪᠠᠷ ᠪᠦᠷᠬᠦᠬᠦ ᠶᠢ ᠪᠡᠶᠡᠯᠡᠬᠦᠯᠦᠨ᠎ᠡ᠃ ᠭᠤᠷᠪᠠ ᠳᠤ ᠠᠰᠢᠭ ᠬᠤᠨᠵᠢᠪᠤᠷᠢ | ᠶᠢᠨ ᠤᠯᠠᠨ ᠡᠰᠢᠲᠤ ︽ᠤᠷᠤᠯᠭ᠎ᠠ ᠨᠡᠮᠡᠭᠳᠡᠬᠦ ᠳᠠᠩᠰᠠ︾ ᠢ ᠪᠤᠳᠤᠬᠤ᠃ ᠪᠦᠬᠦ ᠲᠤᠰᠬᠤᠨ ᠢ ᠨᠢ ᠨᠡᠬᠦᠯᠭᠡᠭᠰᠡᠨ ᠤ | ᠰᠡᠬᠦᠯᠡᠷ ᠭᠠᠵᠠᠷ ᠰᠢᠷᠤᠢ ᠶᠢᠨ ᠨᠢᠬᠡ ᠪᠦᠯᠦᠭ ᠢ ᠨᠢ ᠰᠢᠨ᠎ᠠ ᠨᠢᠬᠡᠨ ᠡᠬᠡᠯᠵᠢ ᠶᠢᠨ ᠲᠠᠷᠢᠶᠠᠯᠠᠬᠤ ᠪᠠᠨ ᠪᠤᠯᠢᠵᠤ | ᠣᠶᠢᠵᠢᠭᠤᠯᠬᠤ ᠳᠦᠰᠦᠯ ᠳᠤ ᠤᠷᠤᠭᠤᠯᠤᠨ᠎ᠠ᠂ ᠰᠢᠨ᠎ᠡ ᠨᠢᠬᠡᠨ ᠡᠬᠡᠯᠵᠢ ᠶᠢᠨ ᠳᠠᠷᠢᠶᠠᠯᠠᠬᠤ ᠪᠠᠨ ᠪᠤᠯᠢᠵᠤ | ᠤᠶᠢᠵᠢᠭᠤᠯᠬᠤ ᠳᠦᠰᠦᠯ ᠳᠤ ᠤᠷᠤᠭᠤᠯᠤᠭᠰᠠᠨ ᠦᠬᠡᠢ ᠭᠠᠵᠠᠷ ᠰᠢᠷᠤᠢ ᠨᠢ 100 ᠲᠦᠬᠦᠷᠢᠭ/ ᠮᠤ᠋᠂ ᠵᠠᠰᠠᠭ ᠤᠨ | ᠤᠷᠳᠤᠨ ᠠᠴᠠ ᠨᠢᠭᠡᠳᠤᠯᠲᠠᠢ ᠲᠦᠪᠯᠡᠷᠡᠭᠦᠯᠦᠨ ᠰᠢᠯᠵᠢᠬᠦᠯᠬᠦ ᠶᠢ ᠬᠠᠷᠢᠭᠤᠴᠠᠨ᠎ᠠ᠂ ᠬᠦᠳᠡᠯᠮᠤᠷᠢ ᠶᠢᠨ ᠴᠢᠳᠠᠪᠤᠷᠢ ᠲᠠᠢ | ᠬᠦᠮᠦᠨ ᠨᠢ ᠤᠶᠢᠷ᠎ᠠ ᠤᠷᠴᠢᠮ ᠤᠨ ᠠᠵᠤ ᠤᠶᠢᠯᠡᠳᠪᠤᠷᠢ ᠶᠢᠨ ᠬᠦᠷᠢᠶᠡᠯᠡᠩ᠂ ᠠᠵᠤ ᠠᠬᠤᠶᠢᠯᠠᠯ ᠳᠤ ᠤᠴᠢᠵᠤ | ᠠᠵᠢᠯᠯᠠᠵᠤ ᠪᠤᠯᠤᠨ᠎ᠠ᠂ ᠬᠦᠳᠡᠯᠮᠤᠷᠢ ᠶᠢᠨ ᠴᠢᠳᠠᠪᠤᠷᠢ ᠦᠬᠡᠢ ᠬᠦᠮᠦᠨ ᠨᠢ ᠴᠠᠭ ᠳᠤᠬᠠᠢ ᠳᠤ ᠨᠡᠶᠢᠬᠡᠮ ᠤᠨ ᠪᠠᠲᠤᠯᠭ᠎ᠠ | ᠳᠤ ᠤᠷᠤᠨ᠎ᠠ᠃ | ᠬᠤᠸᠠᠩ ᠹᠦ᠋ ᠮᠸᠢ ᠰᠢᠶᠠᠨ᠄ ᠨᠢᠬᠡᠳᠤᠯᠲᠠᠢ ᠲᠦᠪᠯᠡᠷᠡᠭᠦᠯᠦᠨ ᠳᠤᠬᠢᠷᠠᠭᠤᠯᠬᠤ ᠨᠢ ᠡᠬᠢ ᠪᠠᠶᠠᠯᠢᠭ ᠤᠨ | ᠪᠦᠲᠦᠮᠵᠢᠲᠠᠢ ᠡᠮᠬᠢᠯᠡᠨ ᠨᠢᠬᠡᠳᠬᠡᠬᠦ ᠶᠢ ᠪᠡᠶᠡᠯᠡᠬᠦᠯᠵᠤ ᠴᠢᠳᠠᠨ᠎ᠠ᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤ | ᠬᠡᠷᠬᠢᠨ ᠠᠵᠤ ᠤᠶᠢᠯᠡᠰ ᠤᠨ ᠡᠬᠢ ᠪᠠᠶᠠᠯᠢᠭ ᠤᠨ ᠡᠯᠧᠮᠧᠨ᠋ᠲ ᠶᠢ ᠨᠢᠭᠡᠳᠤᠯᠲᠠᠢ ᠲᠦᠯᠦᠪᠯᠡᠵᠤ᠂ ᠲᠤᠰᠬᠤᠨ ᠡᠷᠤᠬᠡ ᠶᠢ | ᠦᠨᠳᠦᠰᠦᠯᠡᠵᠤ ᠪᠠᠶᠢᠭᠠᠳ ᠵᠦᠢ ᠵᠤᠬᠢᠰᠲᠠᠢ ᠳᠤᠬᠢᠷᠠᠭᠤᠯᠤᠯᠲᠠ ᠬᠢᠭᠰᠡᠨ ᠪᠤᠢ︖ | ᠵᠢᠢ ᠴᠢᠤᠸᠠᠨ ᠹᠦ᠋ ᠨᠦᠬᠦᠷ᠄ ᠮᠠᠨ ᠤ ᠬᠤᠰᠢᠭᠤ ᠦᠵᠡᠯ ᠰᠠᠨᠠᠭ᠎ᠠ ᠪᠠᠨ ᠲᠤᠳᠤᠬᠠᠨ᠂ ︽ᠭᠤᠷᠪᠡ ᠶᠢ | ᠤᠷᠬᠢᠬᠤ ᠦᠬᠡᠢ︾ ︵ᠲᠤᠰᠬᠤᠨ ᠢ ᠤᠷᠬᠢᠬᠤ ᠦᠬᠡᠢ᠂ ᠡᠷᠤᠬᠡ ᠶᠢ ᠤᠷᠬᠢᠬᠤ ᠦᠬᠡᠢ᠂ ᠬᠦᠮᠦᠨ ᠢ ᠤᠷᠬᠢᠬᠤ | ᠦᠬᠡᠢ︶ ᠵᠠᠷᠴᠢᠮ ᠢ ᠪᠠᠷᠢᠮᠲᠠᠯᠠᠨ᠂ ᠲᠤᠰᠬᠤᠨ ᠡᠷᠤᠬᠡ ᠬᠦᠮᠦᠨ ᠪᠠᠷ ᠦᠨᠳᠦᠰᠦᠯᠡᠵᠤ ᠪᠠᠶᠢᠭᠠᠳ ᠳᠤᠬᠢᠷᠠᠭᠤᠯᠬᠤ | ᠠᠷᠭ᠎ᠠ ᠮᠠᠶ᠋ᠢᠭ ᠢᠶᠠᠨ ᠲᠤᠭᠲᠠᠭᠠᠪᠠ᠃ ᠨᠢᠬᠡ ᠨᠢ ᠪᠤᠯ ᠬᠤᠲᠠ ᠪᠠᠯᠭᠠᠰᠤ ᠶᠢᠨ ᠳᠦᠪᠬᠢᠨᠡᠬᠦᠯᠬᠦ ᠬᠡᠪ ᠵᠠᠭᠪᠤᠷ ᠲᠤ | ᠤᠷᠤᠬᠤ᠃ ᠬᠤᠲᠠ ᠪᠠᠯᠭᠠᠰᠤ ᠳᠤ ᠤᠷᠤᠬᠤ ᠰᠠᠨᠠᠭ᠎ᠠ ᠲᠠᠢ ᠪᠤᠯᠤᠨ ᠬᠦᠳᠡᠯᠮᠤᠷᠢ ᠶᠢᠨ ᠴᠢᠳᠠᠪᠤᠷᠢ ᠲᠠᠢ᠂ ᠮᠡᠷᠬᠡᠵᠢᠯ | ᠲᠠᠢ ᠮᠠᠯᠴᠢᠨ ᠲᠠᠷᠢᠶᠠᠴᠢᠨ ᠡᠷᠤᠬᠡ ᠳᠤ ᠬᠠᠨᠳᠤᠭᠤᠯᠤᠨ᠂ ᠬᠤᠲᠠ ᠪᠠᠯᠭᠠᠰᠤᠨ ᠤ ᠦᠯᠡᠳᠡᠵᠤ ᠪᠠᠶᠢᠭ᠎ᠠ ᠰᠠᠭᠤᠬᠤ ᠬᠡᠷ | ᠤᠨ ᠦᠯᠡᠳᠡᠵᠤ ᠪᠠᠶᠢᠬᠤ ᠬᠡᠰᠡᠭ ᠢ ᠠᠪᠴᠤ ᠨᠢᠭᠡᠳᠤᠯᠲᠠᠢ ᠬᠤᠲᠠ ᠪᠠᠯᠭᠠᠰᠤᠨ ᠳᠤ ᠨᠡᠬᠦᠯᠬᠡᠨ᠎ᠡ᠃ ᠬᠤᠶᠠᠷ ᠨᠢ ᠪᠤᠯ | ᠨᠡᠬᠦᠳᠡᠯ ᠠᠷᠠᠳ ᠤᠨ ᠰᠢᠨ᠎ᠠ ᠲᠤᠰᠬᠤᠨ ᠤ ᠬᠡᠪ ᠵᠠᠭᠪᠤᠷ᠃ 30 ᠡᠷᠤᠬᠡ ᠠᠴᠠ ᠳᠤᠤᠷ᠎ᠠ᠂ ᠲᠤᠰᠬᠤᠨ ᠤ ᠨᠦᠬᠦᠴᠡᠯ | ᠨᠢ ᠠᠨᠠᠢ ᠲᠤᠰᠬᠤᠨ ᠳᠤ ᠬᠠᠨᠳᠠᠭᠤᠯᠤᠨ᠂ ︽ᠪᠠᠭ᠎ᠠ ᠲᠤᠰᠬᠤᠨ ᠢ ᠨᠢᠬᠡᠳᠬᠡᠨ ᠶᠡᠭᠡ ᠲᠤᠰᠬᠤᠨ ᠪᠤᠯᠭᠠᠬᠤ︾ ᠠᠷᠭ᠎ᠠ | ᠪᠤᠳᠤᠯᠭ᠎ᠠ ᠶᠢ ᠠᠪᠴᠤ᠂ ᠠᠵᠤ ᠤᠶᠢᠯᠡᠳᠪᠤᠷᠢ ᠶᠢᠨ ᠬᠦᠷᠢᠶᠡᠯᠡᠩ ᠤᠷᠤᠨ᠂ ᠲᠤᠰᠬᠤᠨ ᠪᠠᠶᠢᠭᠤᠯᠬᠤ ᠳᠤ ᠨᠦᠬᠦᠴᠡᠯ | ᠰᠠᠶᠢᠨ ᠭᠠᠵᠠᠷ ᠤᠷᠤᠨ ᠳᠤ ᠲᠦᠪᠯᠡᠷᠡᠭᠦᠯᠦᠨ ᠨᠡᠬᠦᠳᠡᠯ ᠠᠷᠠᠳ ᠤᠨ ᠲᠤᠰᠬᠤᠨ ᠪᠠᠶᠢᠭᠤᠯᠤᠨ᠎ᠠ᠂ ᠪᠦᠬᠦ ᠬᠤᠰᠢᠭᠤ | ᠨᠡᠶᠢᠲᠠ 171 ᠶᠡᠭᠡ ᠪᠠᠭ᠎ᠠ ᠲᠤᠰᠬᠤᠨ ᠢ ᠠᠷᠢᠯᠭᠠᠨ ᠨᠢᠬᠡᠳᠬᠡᠵᠤ᠂ ᠰᠢᠨ᠎ᠡ ᠪᠠᠷ ᠲᠦᠪᠯᠡᠷᠡᠭᠦᠯᠦᠨ ᠳᠤᠬᠢᠷᠠᠭᠤᠯᠬᠤ | ᠭᠠᠵᠠᠷ 79 ᠶᠢ ᠪᠠᠶᠢᠭᠤᠯᠪᠠ᠃ ᠭᠤᠷᠪᠡ ᠨᠢ ᠪᠤᠯ ᠭᠤᠤᠯ ᠲᠤᠰᠬᠤᠨ ᠳᠤ ᠤᠶᠢᠷᠠᠳᠬᠤ ᠳᠤᠬᠢᠷᠠᠭᠤᠯᠬᠤ ᠬᠡᠪ ᠵᠠᠭᠪᠤᠷ | ᠃ ᠨᠢᠬᠡ ᠪᠦᠯᠦᠭ ᠨᠤᠲᠤᠭ ᠤᠰᠤᠨ ᠠᠴᠠ ᠪᠠᠨ ᠰᠠᠯᠵᠤ ᠶᠠᠳᠠᠬᠤ᠂ ᠬᠦᠳᠡᠯᠮᠤᠷᠢ ᠶᠢᠨ ᠴᠢᠳᠠᠪᠤᠷᠢ ᠨᠢ ᠬᠠᠷᠢᠴᠠᠩᠭᠤᠢ | ᠪᠠᠷ ᠪᠠᠭᠤᠷᠠᠢ ᠮᠠᠯᠴᠢᠨ ᠲᠠᠷᠢᠶᠠᠴᠢᠨ ᠡᠷᠤᠬᠡ ᠶᠢ ᠵᠢᠯᠤᠭᠤᠳᠤᠨ ︽ᠤᠰᠤᠨ ᠠᠴᠠ ᠤᠶᠢᠷ᠎ᠠ᠂ ᠵᠠᠮ ᠠᠴᠠ ᠤᠶᠢᠷ᠎ᠠ᠂ | ᠤᠷᠤᠯᠭ᠎ᠠ ᠨᠡᠮᠡᠭᠳᠡᠭᠦᠯᠬᠦ ᠠᠵᠤ ᠤᠶᠢᠯᠡᠰ᠂ ᠨᠡᠶᠢᠲᠡ ᠶᠢᠨ ᠤᠶᠢᠯᠡᠴᠢᠯᠡᠭᠡᠨ ᠪᠦᠷᠢᠨ ᠬᠦᠢᠴᠡᠳ︾ ᠭᠤᠤᠯ ᠪᠠᠯᠭᠠᠰᠤ᠂ | ᠭᠤᠤᠯ ᠲᠤᠰᠬᠤᠨ ᠤ ᠤᠶᠢᠷᠠᠯᠴᠠᠭ᠎ᠠ ᠳᠤᠬᠢᠷᠠᠭᠤᠯᠤᠨ᠎ᠠ᠃ ᠳᠦᠷᠪᠡ ᠨᠢ ᠪᠤᠯ ᠵᠤᠯ ᠵᠢᠷᠭᠠᠯᠠᠩᠲᠤ ᠬᠦᠷᠢᠶᠡᠯᠡᠩ ᠳᠤ | ᠳᠦᠪᠬᠢᠨᠡᠬᠦᠯᠬᠦ ᠬᠡᠪ ᠵᠠᠭᠪᠤᠷ᠂ 60 ᠨᠠᠰᠤ ᠠᠴᠠ ᠳᠡᠭᠡᠭᠰᠢ ᠤᠶᠢᠯᠡᠳᠪᠤᠷᠢᠯᠡᠯ ᠤᠨ ᠬᠦᠴᠦᠨ ᠦᠬᠡᠢ ᠨᠠᠰᠤᠲᠠᠨ | ᠬᠦᠮᠦᠨ ᠪᠤᠯᠤᠨ ᠦᠪᠡᠷ ᠤᠨ ᠤᠷᠤᠯᠭ᠎ᠠ ᠦᠬᠡᠢ ᠶᠠᠳᠠᠭᠤ ᠬᠦᠴᠢᠷᠳᠡᠯᠲᠠᠢ ᠡᠷᠤᠬᠡ ᠶᠢ ᠨᠢᠬᠡᠳᠤᠯᠲᠠᠢ ᠵᠤᠯ ᠵᠢᠷᠭᠠᠯᠠᠩᠲᠤ | ᠬᠦᠷᠢᠶᠡᠯᠡᠩ ᠳᠤ ᠨᠡᠬᠦᠯᠭᠡᠬᠦ ᠪᠤᠶᠤ ᠭᠤᠤᠯ ᠲᠤᠰᠬᠤᠨ᠂ ᠵᠠᠰᠠᠭ ᠵᠠᠬᠢᠷᠭᠠᠨ ᠤ ᠲᠤᠰᠬᠤᠨ ᠳᠤ 23 ᠺᠦᠸᠠᠳ᠋ ᠮᠧᠲᠷ | ᠤᠨ ᠰᠠᠭᠤᠬᠤ ᠬᠡᠷ ᠪᠠᠷᠢᠵᠤ ᠳᠤᠬᠢᠷᠠᠭᠤᠯᠤᠨ᠎ᠠ᠃ | ᠬᠤᠸᠠᠩ ᠹᠦ᠋ ᠮᠸᠢ ᠰᠢᠶᠠᠨ᠄ ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ᠂ ᠤᠨᠳᠤᠤ ᠭᠠᠵᠠᠷ | ᠨᠡᠬᠦᠯᠬᠡᠬᠦ ᠪᠤᠯᠤᠨ ᠵᠢᠵᠢᠭ ᠲᠤᠰᠬᠤᠨ ᠢ ᠨᠢᠬᠡᠳᠬᠡᠬᠦ ᠶᠢ ᠳᠦᠯᠬᠢᠨ ᠠᠬᠢᠭᠤᠯᠬᠤ ᠶᠠᠪᠤᠴᠠ ᠳᠤᠮᠲᠠ᠂ ᠴᠠᠬᠠᠷ ᠪᠠᠷᠠᠭᠤᠨ | ᠭᠠᠷᠤᠨ ᠬᠤᠶᠢᠲᠤ ᠬᠤᠰᠢᠭᠤ ᠬᠡᠷᠬᠢᠨ ᠨᠢᠬᠡᠳᠤᠯᠲᠠᠢ ᠳᠦᠪᠬᠢᠨᠡᠬᠦᠯᠦᠨ ᠳᠤᠬᠢᠷᠠᠭᠤᠯᠬᠤ ᠭᠠᠵᠠᠷ ᠢ ᠪᠠᠶᠢᠷᠢᠯᠠᠭᠤᠯᠵᠤ᠂ | ᠰᠠᠭᠤᠬᠤ ᠬᠡᠷ ᠤᠨ ᠴᠢᠨᠠᠷ ᠴᠢᠨᠰᠠᠭ᠎ᠠ ᠶᠢ ᠪᠠᠲᠤᠯᠠᠭᠰᠠᠨ ᠪᠤᠢ︖ | ᠵᠢᠢ ᠴᠢᠤᠸᠠᠨ ᠹᠦ᠋ ᠨᠦᠬᠦᠷ᠄ ᠮᠠᠨ ᠤ ᠬᠤᠰᠢᠭᠤ ᠰᠢᠨ᠎ᠠ ᠮᠠᠯᠵᠢᠬᠤ ᠤᠷᠤᠨ ᠰᠢᠨ᠎ᠠ ᠲᠠᠷᠢᠶᠠᠯᠠᠬᠤ ᠤᠷᠤᠨ ᠤ | ᠪᠦᠲᠦᠬᠡᠨ ᠪᠠᠶᠢᠭᠤᠯᠤᠯᠲᠠ ᠪᠤᠯᠤᠨ ᠠᠵᠤ ᠤᠶᠢᠯᠡᠰ ᠤᠨ ᠬᠦᠭᠵᠢᠯᠲᠠ ᠶᠢᠨ ᠲᠦᠯᠦᠪᠵᠢᠬᠦᠯᠬᠡ ᠶᠢ ᠬᠠᠷᠢᠯᠴᠠᠨ | ᠤᠶᠠᠯᠳᠠᠭᠤᠯᠵᠤ᠂ ᠰᠢᠨᠵᠢᠯᠡᠬᠦ ᠤᠬᠠᠭᠠᠨᠴᠢ ᠵᠦᠢ ᠵᠤᠬᠢᠰᠲᠠᠢ ᠪᠠᠷ ᠵᠢᠵᠢᠭ ᠲᠤᠰᠬᠤᠨ ᠢ ᠨᠢᠬᠡᠳᠬᠡᠬᠦ᠂ ᠦᠷ᠎ᠡ ᠬᠠᠪᠢ | ᠳᠤ ᠳᠤᠬᠢᠷᠠᠭᠤᠯᠬᠤ ᠲᠦᠯᠦᠪᠵᠢᠬᠦᠯᠭᠡ ᠶᠢ ᠲᠤᠭᠲᠠᠭᠠᠵᠤ᠂ ᠪᠦᠬᠦ ᠵᠢᠯ ᠤᠨ ᠪᠦᠲᠦᠬᠡᠨ ᠪᠠᠶᠢᠭᠤᠯᠤᠯᠲᠠ ᠶᠢᠨ | ᠲᠦᠯᠦᠪᠯᠡᠭᠡ ᠶᠢ ᠲᠤᠳᠤᠬᠠᠨ᠂ ᠤᠨᠤᠪᠴᠢᠲᠠᠢ ᠪᠠᠷ ᠪᠠᠶᠢᠷᠢᠯᠠᠭᠤᠯᠤᠨ ᠨᠢᠬᠡᠳᠤᠯᠲᠠᠢ ᠳᠤᠬᠢᠷᠠᠭᠤᠯᠬᠤ ᠭᠠᠵᠠᠷ | ᠪᠠᠶᠢᠭᠤᠯᠬᠤ ᠶᠢ ᠪᠡᠶᠡᠯᠡᠬᠦᠯᠦᠨ᠎ᠡ᠃ ᠪᠦᠬᠦ ᠬᠤᠰᠢᠭᠤᠨ ᠤ ᠠᠯᠢᠪᠠ ᠰᠠᠭᠤᠭᠠᠯᠢ ᠡᠷᠤᠬᠡ ᠶᠢᠨ ᠰᠠᠭᠤᠬᠤ ᠬᠡᠷ ᠲᠤ | ᠠᠮᠤᠷ ᠳᠦᠪᠰᠢᠨ ᠳᠡᠰ ᠬᠢᠨᠠᠨ ᠲᠤᠭᠲᠠᠭᠠᠵᠤ᠂ ᠭᠤᠤᠯᠳᠠᠯᠭ᠎ᠠ ᠲᠠᠢ ᠪᠠᠷ ᠪᠠᠶᠢᠴᠠᠭᠠᠵᠤ ᠭᠠᠷᠤᠭᠰᠠᠨC ᠳᠡᠰ᠂ D | ᠳᠡᠰ ᠤᠨ ᠰᠠᠭᠤᠬᠤ ᠬᠡᠷ ᠲᠤ ᠭᠤᠷᠪᠠᠳᠤᠭᠠᠷ ᠡᠲᠡᠭᠡᠳ ᠢ ᠵᠠᠯᠠᠵᠤ ᠬᠢᠨᠠᠨ ᠲᠤᠭᠲᠠᠭᠠᠯᠲᠠ ᠬᠢᠨ᠎ᠡ᠃ ᠰᠠᠭᠤᠬᠤ ᠬᠡᠷ | ᠤᠨ ᠠᠮᠤᠷ ᠳᠦᠪᠰᠢᠨ ᠤ ᠳᠡᠰ ᠳᠤ ᠬᠦᠷᠦᠭᠰᠡᠨ ᠦᠬᠡᠢ ᠮᠠᠯᠵᠢᠬᠤ ᠲᠠᠷᠢᠶᠠᠯᠠᠬᠤ ᠡᠷᠤᠬᠡ ᠳᠤ ︽ᠰᠠᠭᠤᠬᠤ ᠬᠡᠷ ᠢ | ᠳᠤᠬᠢᠷᠠᠭᠤᠯᠬᠤ ᠮᠡᠳᠡᠭᠳᠡᠬᠦ ᠪᠢᠴᠢᠭ︾ ᠲᠠᠷᠬᠠᠵᠤ᠂ ᠨᠤᠷᠠᠬᠤ ᠠᠶᠤᠯᠲᠠᠢ ᠬᠡᠷ ᠪᠠᠶᠢᠰᠢᠩ ᠢ ᠰᠢᠨᠡᠳᠬᠡᠨ ᠵᠠᠰᠠᠬᠤ | ᠡᠲᠡᠭᠡᠳ ᠪᠠᠨ ᠲᠤᠭᠲᠠᠭᠠᠨ᠎ᠠ᠃ ᠬᠡᠷᠡᠭᠵᠢᠬᠦᠯᠬᠦ ᠶᠠᠪᠤᠴᠠ ᠳᠤᠮᠲᠠ᠂ ᠨᠢᠬᠡᠳᠤᠯᠲᠠᠢ ᠲᠦᠯᠦᠪᠵᠢᠬᠦᠯᠬᠦ᠂ ᠲᠦᠯᠦᠪᠯᠡᠬᠦ᠂ | ᠪᠦᠲᠦᠬᠡᠨ ᠪᠠᠶᠢᠭᠤᠯᠬᠤ᠂ ᠲᠦᠷᠦᠯ ᠬᠤᠪᠢᠶᠠᠨ ᠬᠡᠷᠡᠭᠵᠢᠬᠦᠯᠬᠦ ᠠᠷᠭ᠎ᠠ ᠶᠢ ᠬᠡᠷᠡᠭᠯᠡᠨ᠂ ᠢᠨᠵᠧᠨᠧᠷᠢᠩ ᠤᠨ ᠴᠢᠨᠠᠷ | ᠴᠢᠨᠰᠠᠭ᠎ᠠ ᠶᠢ ᠪᠠᠲᠤᠯᠠᠨ᠎ᠠ᠃ ᠡᠬᠦᠨ ᠤ ᠬᠠᠮᠲᠤ᠂ ᠨᠡᠶᠢᠲᠠ ᠶᠢᠨ ᠤᠶᠢᠯᠡᠴᠢᠯᠡᠭᠡᠨ ᠤ ᠪᠠᠭᠤᠷᠠᠢ ᠲᠠᠯ᠎ᠠ ᠪᠠᠨ | ᠨᠦᠬᠦᠪᠤᠷᠢᠯᠡᠵᠤ᠂ ᠠᠮᠢᠳᠤᠷᠠᠯ ᠤᠨ ᠰᠠᠭᠤᠷᠢ ᠳᠦᠬᠦᠬᠡᠷᠤᠮᠵᠢ ᠪᠤᠯᠤᠨ ᠨᠡᠶᠢᠲᠠ ᠶᠢᠨ ᠤᠶᠢᠯᠡᠴᠢᠯᠡᠬᠡᠨ ᠤ ᠢᠵᠢ᠂ | ᠤᠷᠤᠰᠢᠨ ᠰᠠᠭᠤᠬᠤ ᠠᠷᠭ᠎ᠠ ᠬᠡᠯᠪᠡᠷᠢ ᠪᠤᠯᠤᠨ ᠲᠤᠭᠲᠠᠭᠤᠨ ᠪᠠᠷ ᠪᠠᠶᠠᠵᠢᠬᠤ ᠶᠢ ᠬᠠᠮᠲᠤ ᠳᠤᠨᠢ ᠪᠡᠶᠡᠯᠡᠬᠦᠯᠦᠨ᠎ᠡ᠃ | ᠬᠤᠸᠠᠩ ᠹᠦ᠋ ᠮᠸᠢ ᠰᠢᠶᠠᠨ᠄ ᠴᠠᠬᠠᠷ ᠪᠠᠷᠠᠭᠤᠨ ᠬᠤᠶᠢᠲᠤ ᠬᠤᠰᠢᠭᠤ ᠬᠡᠷᠬᠢᠨ ᠬᠦᠳᠡᠭᠡ ᠲᠤᠰᠬᠤᠨ ᠤ | ᠰᠡᠷᠬᠦᠨ ᠮᠠᠨᠳᠤᠯᠲᠠ ᠶᠢᠨ ᠪᠠᠶᠢᠯᠳᠤᠬᠤ ᠪᠤᠳᠤᠯᠭ᠎ᠠ ᠲᠠᠢ ᠬᠠᠷᠢᠯᠴᠠᠨ ᠤᠶᠠᠯᠳᠤᠭᠤᠯᠵᠤ᠂ ᠶᠠᠳᠠᠭᠤ ᠬᠦᠴᠢᠷᠳᠡᠯᠲᠠᠢ | ᠤᠯᠠᠨ ᠲᠦᠮᠡᠨ ᠢ ᠨᠡᠬᠦᠵᠤ ᠭᠠᠷᠭᠠᠵᠤ ᠪᠠᠶᠢᠯᠵᠤ᠂ ᠲᠤᠭᠲᠠᠭᠠᠵᠤ ᠳᠠᠶᠢᠯᠵᠤ᠂ ᠪᠠᠶᠠᠵᠢᠭᠤᠯᠵᠤ ᠴᠢᠳᠠᠭᠰᠠᠨ ᠪᠤᠢ᠂ | ᠶᠠᠳᠠᠭᠤ ᠬᠦᠴᠢᠷᠳᠡᠯᠲᠠᠢ ᠡᠷᠤᠬᠡ ᠶᠢᠨ ᠰᠠᠭᠤᠬᠤ ᠬᠡᠷ ᠤᠨ ᠠᠮᠤᠷ ᠳᠦᠪᠰᠢᠨ ᠢ ᠰᠢᠢᠳᠪᠤᠷᠢᠯᠡᠬᠦ ᠶᠢᠨ ᠬᠠᠮᠲᠤ ᠪᠠᠰᠠ | ᠬᠡᠷᠬᠢᠨ ᠠᠵᠤ ᠠᠬᠤᠢ ᠶᠢᠨ ᠤᠷᠤᠯᠭ᠎ᠠ ᠨᠡᠮᠡᠭᠳᠡᠬᠦᠯᠬᠦ ᠶᠢ ᠪᠡᠶᠡᠯᠡᠬᠦᠯᠦᠭᠰᠡᠨ ᠪᠤᠢ︖ | ᠵᠢᠢ ᠴᠢᠤᠸᠠᠨ ᠹᠦ᠋ ᠨᠦᠬᠦᠷ᠄ ᠮᠠᠨ ᠤ ᠬᠤᠰᠢᠭᠤ ︽ᠬᠦᠴᠦᠷᠬᠡᠭ ᠪᠠᠶᠠᠨ ᠲᠤᠰᠬᠤᠨ ᠤ ᠳᠡᠭᠡᠭᠰᠢᠯᠡᠯᠲᠠ ᠶᠢ | ᠠᠳᠬᠤᠵᠤ᠂ ᠪᠠᠭᠤᠷᠠᠢ ᠶᠠᠳᠠᠭᠤ ᠲᠤᠰᠬᠤᠨ ᠬᠦᠮᠦᠵᠢᠬᠦᠯᠬᠦ ᠶᠢ ᠠᠳᠬᠤᠬᠤ︾ ᠠᠵᠢᠯ ᠤᠨ ᠦᠵᠡᠯ ᠰᠠᠨᠠᠭ᠎ᠠ ᠶᠢ | ᠪᠠᠷᠢᠮᠲᠠᠯᠠᠨ᠂ ︽ᠠᠮᠢᠳᠤᠷᠠᠯ ᠢ ᠳᠡᠳᠬᠦᠬᠦ︾ ᠠᠴᠠ ︽ᠬᠦᠭᠵᠢᠬᠦ ᠶᠢ ᠳᠡᠳᠬᠦᠬᠦ︾ ᠦᠨᠳᠦᠰᠦᠲᠡᠨ ᠬᠤᠪᠢᠷᠠᠯᠲᠠ ᠶᠢ | ᠪᠡᠶᠡᠯᠡᠬᠦᠯᠦᠨ᠎ᠡ᠃ ᠨᠢᠬᠡ ᠨᠢ ᠪᠤᠯ ᠠᠵᠤ ᠤᠶᠢᠯᠡᠰ ᠢᠶᠠᠷ ᠳᠠᠶᠢᠴᠢᠯᠠᠬᠤ ᠳᠡᠪᠴᠡᠩ᠂ ᠠᠮᠵᠢᠯᠲᠠᠢ ᠪᠠᠷ ︽ᠭᠤᠷᠪᠠᠨ | ᠶᠡᠭᠡ ᠳᠡᠪᠴᠡᠩ︾ ᠶᠢ ᠪᠠᠶᠢᠭᠤᠯᠬᠤ᠃ ᠭᠤᠤᠯ ᠲᠤᠰᠬᠤᠨ ᠪᠤᠶᠤ ᠨᠡᠬᠦᠳᠡᠯ ᠠᠷᠠᠳ ᠤᠨ ᠰᠢᠨ᠎ᠠ ᠲᠤᠰᠬᠤᠨ ᠳᠤ | ᠨᠡᠬᠦᠵᠤ ᠤᠴᠢᠭᠰᠠᠨ ᠬᠦᠳᠡᠯᠮᠤᠷᠢ ᠶᠢᠨ ᠴᠢᠳᠠᠪᠤᠷᠢ ᠲᠠᠢ ᠮᠠᠯᠴᠢᠨ ᠡᠷᠤᠬᠡ᠂ ᠲᠦᠮᠦᠰᠤ᠂ ᠠᠮᠢᠳᠤ ᠭᠠᠭ᠋ᠠᠢ᠂ ᠮᠢᠬᠠᠨ | ᠤ ᠦᠬᠡᠷ ᠭᠤᠷᠪᠠᠨ ᠶᠡᠭᠡ ᠤᠳᠤᠷᠢᠳᠤᠮᠵᠢ ᠶᠢᠨ ᠠᠵᠤ ᠤᠶᠢᠯᠡᠰ ᠢ ᠲᠤᠭᠤᠷᠢᠨ᠂ ᠠᠵᠤ ᠤᠶᠢᠯᠡᠰ ᠤᠨ ᠬᠦᠭᠵᠢᠯᠲᠠ | ᠶᠢᠨ ᠳᠡᠳᠬᠦᠬᠦ ᠬᠦᠴᠦᠨ ᠪᠠᠨ ᠶᠡᠬᠡᠰᠬᠡᠵᠤ᠂ ︽ᠨᠠᠮ ᠤᠨ ᠡᠭᠦᠷ +︾ ᠪᠤᠶᠤ ︽ᠬᠤᠷᠰᠢᠶ᠎ᠠ + ᠰᠠᠭᠤᠷᠢᠨ ᠭᠠᠵᠠᠷ | + ᠲᠠᠷᠢᠶᠠᠴᠢᠨ ᠡᠷᠤᠬᠡ︾ ᠤᠨ ᠬᠡᠪ ᠵᠠᠭᠪᠤᠷ ᠢᠶᠠᠷ ᠳᠠᠮᠵᠢᠨ᠂ 5127 ᠡᠷᠤᠬᠡ ᠶᠠᠳᠠᠭᠤ ᠬᠦᠴᠢᠷᠳᠡᠯᠲᠠᠢ ᠡᠷᠤᠬᠡ ᠶᠢ | ᠵᠢᠯᠤᠭᠤᠳᠤᠨ ᠦᠨᠳᠦᠷ ᠦᠷ᠎ᠡ ᠠᠰᠢᠭ ᠲᠠᠢ ᠮᠠᠯᠵᠢᠬᠤ ᠤᠶᠢᠯᠡᠰ ᠤᠨ ᠬᠦᠭᠵᠢᠬᠦᠯᠦᠨ᠎ᠡ᠃ ᠬᠤᠶᠠᠷ ᠨᠢ ᠪᠤᠯ ᠠᠵᠢᠯ | ᠤᠯᠭᠤᠯᠲᠠ ᠶᠢ ᠳᠠᠶᠢᠴᠢᠯᠠᠬᠤ ᠳᠡᠪᠴᠡᠩ᠂ ︽ᠬᠤᠲᠠ ᠪᠠᠯᠭᠠᠰᠤᠨ ᠳᠤ ᠨᠡᠬᠦᠵᠤ ᠤᠴᠢᠭᠰᠠᠨ᠂ ᠠᠵᠤ ᠤᠶᠢᠯᠡᠰ ᠤᠨ | ᠬᠦᠷᠢᠶᠡᠯᠡᠩ ᠳᠤ ᠤᠷᠤᠭᠰᠠᠨ᠂ ᠬᠦᠳᠡᠯᠮᠤᠷᠢ ᠶᠢᠨ ᠴᠢᠳᠠᠪᠤᠷᠢ ᠲᠠᠢ︾ ᠮᠠᠯᠴᠢᠨ ᠲᠠᠷᠢᠶᠠᠴᠢᠨ ᠡᠷᠤᠬᠡ ᠳᠤ᠂ | ᠴᠠᠬᠢᠯᠠᠭᠤᠷ ᠴᠢᠯᠠᠭᠤ ᠬᠢᠮᠢ ᠶᠢᠨ ᠠᠵᠤ ᠤᠶᠢᠯᠡᠳᠪᠤᠷᠢ᠂ ᠲᠠᠷᠢᠶᠠᠯᠠᠩ ᠮᠠᠯ ᠤᠨ ᠠᠰᠢᠭ ᠰᠢᠮ᠎ᠠ ᠶᠢᠨ ᠪᠦᠲᠦᠭᠡᠭᠳᠡᠬᠦᠨ | ᠢ ᠤᠶᠢᠯᠡᠳᠪᠤᠷᠢᠯᠡᠬᠦ ᠠᠵᠤ ᠠᠬᠤᠢ ᠶᠢᠨ ᠠᠵᠢᠯᠲᠠᠨ ᠬᠡᠷᠡᠭᠰᠡᠭᠦ ᠬᠡᠷᠡᠭᠴᠡᠭᠡ ᠶᠢ ᠲᠤᠭᠤᠷᠢᠨ᠂ ᠶᠠᠳᠠᠭᠤ ᠬᠦᠴᠢᠷᠳᠡᠯᠲᠠᠢ | ᠬᠦᠮᠦᠨ ᠠᠮᠠ ᠶᠢᠨ ᠠᠵᠢᠯ ᠤᠯᠭᠤᠯᠲᠠ ᠶᠢᠨ ᠨᠦᠬᠦᠪᠤᠷᠢ ᠦᠭᠬᠦ ᠲᠦᠷᠤ ᠶᠢᠨ ᠪᠤᠳᠤᠯᠭ᠎ᠠ ᠲᠤᠭᠲᠠᠭᠠᠵᠤ᠂ ︽ | ᠲᠤᠯᠤᠭᠠᠶᠢᠯᠠᠭᠴᠢ ᠠᠵᠤ ᠠᠬᠤᠶᠢᠯᠠᠯ + ᠠᠵᠤ ᠠᠬᠤᠶᠢᠯᠠᠯ ᠤᠨ ᠠᠵᠢᠯᠲᠠᠨ︾ ᠤ ᠬᠡᠪ ᠵᠠᠭᠪᠤᠷ ᠢᠶᠠᠷ ᠳᠠᠮᠵᠢᠨ᠂ | ᠠᠵᠤ ᠠᠬᠤᠶᠢᠯᠠᠯ ᠪᠤᠶᠤ ᠠᠵᠤ ᠠᠬᠤᠶᠢᠯᠠᠯ ᠤᠨ ᠬᠦᠷᠢᠶᠡᠯᠡᠩ ᠳᠤ ᠲᠠᠨᠢᠯᠴᠠᠭᠤᠯᠤᠨ ᠤᠷᠤᠭᠤᠯᠵᠤ ᠠᠵᠢᠯ ᠤᠯᠭᠤᠨ᠎ᠠ᠂ | ᠪᠠᠰᠠ ᠬᠤᠭᠤᠯᠠ ᠤᠮᠳᠠᠭᠠᠨ᠂ ᠵᠦᠬᠡᠬᠡᠪᠤᠷᠢ ᠵᠡᠷᠭᠡ ᠤᠶᠢᠯᠡᠴᠢᠯᠡᠭᠡᠨ ᠤ ᠤᠶᠢᠯᠡᠰ ᠢ ᠵᠢᠯᠤᠭᠤᠳᠤᠨ ᠬᠦᠭᠵᠢᠬᠦᠯᠵᠤ᠂ | ᠤᠶᠢᠯᠡᠰ ᠪᠤᠰᠬᠠᠭᠰᠠᠨ ᠠᠵᠢᠯ ᠤᠯᠭᠤᠭᠰᠠᠨ ᠠᠵᠢᠯ ᠤᠨ ᠪᠠᠶᠢᠷᠢ ᠮᠢᠩᠭ᠎ᠠ ᠢᠯᠡᠭᠦᠤ᠃ ᠭᠤᠷᠪᠡ ᠨᠢ ᠪᠤᠯ ᠨᠡᠶᠢᠬᠡᠮ ᠤᠨ | ᠪᠠᠲᠤᠯᠭ᠎ᠠ ᠶᠢᠨ ᠳᠡᠪᠴᠡᠩ᠂ ︽ᠤᠶᠢᠷ᠎ᠠ ᠶᠢ ᠬᠠᠨᠳᠤᠭᠤᠯᠤᠨ ᠳᠤᠬᠢᠷᠠᠭᠤᠯᠬᠤ᠂ ᠳᠡᠳᠬᠦᠬᠦ ᠠᠵᠢᠯ ᠤᠶᠢᠯᠡᠰ ᠦᠬᠡᠢ᠂ | ᠬᠦᠳᠡᠯᠮᠤᠷᠢ ᠶᠢᠨ ᠴᠢᠳᠠᠪᠤᠷᠢ ᠪᠠᠭᠤᠷᠠᠢ︾ ᠮᠠᠯᠴᠢᠨ ᠲᠠᠷᠢᠶᠠᠴᠢᠨ ᠡᠷᠤᠬᠡ ᠳᠤ ᠬᠠᠨᠳᠤᠭᠤᠯᠤᠨ᠂ ︽ᠭᠤᠷᠪᠠᠨ ᠦᠬᠡᠢ | ᠬᠦᠮᠦᠨ + ᠨᠡᠶᠢᠲᠠ ᠶᠢᠨ ᠠᠰᠠᠷᠠᠮᠵᠢ ᠶᠢᠨ ᠠᠵᠢᠯ ᠤᠨ ᠪᠠᠶᠢᠷᠢ︾ ᠶᠢᠨ ᠠᠵᠢᠯ ᠤᠯᠭᠤᠯᠲᠠ ᠶᠢᠨ ᠬᠡᠪ ᠵᠠᠭᠪᠤᠷ ᠢ | ᠪᠠᠶᠢᠭᠤᠯᠵᠤ᠂ ᠨᠡᠬᠦᠯᠭᠡᠭᠰᠡᠨ ᠮᠠᠯᠴᠢᠨ ᠲᠠᠷᠢᠶᠠᠴᠢᠨ ᠡᠷᠤᠬᠡ ᠶᠢᠨ ᠲᠤᠭᠲᠠᠪᠤᠷᠢ ᠲᠠᠢ ᠤᠷᠤᠯᠭ᠎ᠠ ᠨᠡᠮᠡᠭᠳᠡᠬᠦ ᠶᠢ | ᠪᠠᠲᠤᠯᠠᠨ᠎ᠠ᠃ ᠬᠦᠳᠡᠯᠮᠤᠷᠢ ᠶᠢᠨ ᠴᠢᠳᠠᠪᠤᠷᠢ ᠦᠬᠡᠢ ᠮᠠᠯᠴᠢᠨ ᠡᠷᠤᠬᠡ ᠳᠤ ︽ᠬᠤᠪᠢ ᠤᠷᠤᠭᠤᠯᠵᠤ ᠤᠷᠤᠯᠭ᠎ᠠ | ᠬᠤᠪᠢᠶᠠᠬᠤ᠂ ᠨᠡᠶᠢᠬᠡᠮ ᠤᠨ ᠰᠠᠭᠤᠷᠢ︾ ᠵᠡᠷᠭᠡ ᠠᠷᠭ᠎ᠠ ᠮᠠᠶ᠋ᠢᠭ ᠢᠶᠠᠷ ᠦᠨᠳᠦᠰᠦᠨ ᠠᠮᠢᠳᠤᠷᠠᠯ ᠢ ᠨᠢ ᠪᠠᠲᠤᠯᠠᠵᠤ᠂ | ᠶᠠᠳᠠᠭᠤ ᠬᠦᠴᠢᠷᠳᠡᠯᠲᠠᠢ ᠤᠯᠠᠨ ᠲᠦᠮᠡᠨ ᠤ ︽ᠨᠡᠬᠦᠵᠤ ᠭᠠᠷᠴᠤ ᠳᠡᠶᠢᠯᠬᠦ᠂ ᠤᠷᠤᠰᠢᠨ ᠲᠤᠭᠲᠠᠨᠢᠵᠤ ᠳᠡᠶᠢᠯᠬᠦ᠂ | ᠪᠠᠶᠠᠵᠢᠵᠤ ᠳᠡᠶᠢᠯᠬᠦ︾ ᠶᠢ ᠪᠠᠲᠤᠯᠠᠨ᠎ᠠ᠃ | ᠤᠷᠴᠢᠭᠤᠯᠤᠭᠴᠢ᠄ ᠰᠡᠴᠡᠩᠭᠤᠸ᠎ᠠ | |